ᠮᠣᠩᠭᠣᠯ ᠪᠦᠰᠡᠭᠦᠢ -ᠡᠷᠬᠢᠮᠴᠡᠴᠡᠭ Монгол бүсгүй-Эрхэмцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ -ᠡᠷᠬᠢᠮᠴᠡᠴᠡᠭ Монгол бүсгүй-Эрхэмцэцэг

ᠮᠣᠩᠭᠣᠯ ᠪᠦᠰᠡᠭᠦᠢ -ᠡᠷᠬᠢᠮᠴᠡᠴᠡᠭ Монгол бүсгүй-Эрхэмцэцэг

ᠠᠩᠭᠢᠯᠠᠯ:ᠳᠠᠭᠤᠤ ᠬᠥᠭᠵᠢᠮ
2024-10-28

724

ᠮᠣᠩᠭᠣᠯ ᠪᠦᠰᠡᠭᠦᠢ

   ᠦᠭᠡ᠄ ᠲᠡᠮᠦᠷ 
   ᠠᠶ᠎ᠠ᠄ ᠪᠠᠶᠠᠨ 
   ᠳᠠᠭᠤᠴᠢᠨ᠄ ᠡᠷᠬᠢᠮᠴᠡᠴᠡᠭ 
ᠵᠢᠰᠦᠷᠬᠡᠭ ᠴᠠᠭᠠᠨ ᠴᠢᠷᠠᠢ ᠠ᠋ᠴᠠ ᠴᠢᠨᠢ 
ᠵᠢᠷᠭᠠᠯ ᠴᠡᠩᠭᠡᠯ ᠦ᠋ᠨ ᠢᠨᠢᠶᠡᠳᠦ ᠲᠣᠳᠣᠷᠠᠭᠠᠳ 
ᠵᠢᠪᠬᠤᠭ᠎ᠠ ᠴᠣᠭᠯᠢᠭ ᠳᠦᠷᠢ ᠳ᠋ᠦ᠍ ᠴᠢᠨᠢ 
ᠵᠢᠪᠠᠷ ᠵᠣᠭᠰᠣᠵᠤ ᠵᠠᠯᠠᠭᠤᠰ ᠪᠡᠶᠡᠰᠦᠨ᠎ᠡ 

ᠤᠰᠬᠠᠯ ᠲᠤᠩᠭᠠᠯᠠᠭ ᠨᠢᠳᠦᠨ ᠡᠴᠡ ᠴᠢᠨᠢ 
ᠣᠳᠣᠨ ᠮᠡᠴᠢᠳ ᠦ᠋ᠨ ᠭᠢᠯᠪᠠᠭ᠎ᠠ ᠰᠠᠴᠤᠷᠠᠭᠠᠳ 
ᠤᠷᠠᠨ ᠬᠠᠴᠢᠨ ᠠᠪᠢᠶᠠᠰ ᠲᠤ ᠴᠢᠨᠢ
ᠤᠰᠤ ᠲᠤᠨᠤᠷᠠᠵᠤ ᠠᠭᠤᠯᠠᠰ ᠰᠡᠬᠦᠢᠨ᠎ᠡ
ᠰᠠᠢᠬᠠᠨ ᠮᠣᠩᠭᠣᠯ ᠪᠦᠰᠡᠭᠦᠢ ᠮᠢᠨᠢ
ᠰᠠᠨᠰᠠᠷ ᠲᠩᠷᠢ ᠶ᠋ᠢᠨ ᠲᠠᠪᠢᠯᠠᠩ ᠤᠤ
ᠰᠠᠢᠬᠠᠨ ᠮᠣᠩᠭᠣᠯ ᠪᠦᠰᠡᠭᠦᠢ ᠮᠢᠨᠢ
ᠰᠠᠨᠰᠠᠷ ᠲᠩᠷᠢ ᠶ᠋ᠢᠨ ᠲᠠᠪᠢᠯᠠᠩ ᠤᠤ

ᠠᠶᠠᠨ ᠤ᠋ ᠰᠠᠢᠬᠠᠨ ᠮᠥᠷ ᠡᠴᠡ ᠴᠢᠨᠢ
ᠠᠯᠠᠭ ᠴᠡᠴᠡᠭᠡᠰ ᠦ᠋ᠨ ᠥᠩᠭᠡ ᠢᠯᠭᠠᠷᠠᠵᠤ
ᠠᠵᠢᠯᠰᠠᠭ ᠠᠷᠢᠭᠤᠨ ᠭᠠᠷ ᠲᠤ ᠴᠢᠨᠢ
ᠠᠭᠠᠷᠤᠤᠯ ᠰᠡᠪᠡᠷᠡᠬᠡᠭᠳᠡᠵᠦ ᠡᠭᠡᠵᠡᠭᠡᠢ ᠰᠢᠷᠭᠢᠭᠡᠭᠳᠡᠨ᠎ᠡ

ᠭᠠᠯᠪᠢᠷ ᠲᠤᠩᠭᠠᠯᠠᠭ ᠵᠢᠰᠦᠨ ᠡᠴᠡ ᠴᠢᠨᠢ
ᠠᠯᠲᠠᠨ ᠰᠢᠷᠭᠠᠯ ᠭᠡᠭᠡ ᠲᠡᠮᠲᠡᠭᠷᠡᠭᠳᠡᠵᠦ
ᠭᠠᠩ ᠬᠠᠲᠠᠭᠤ ᠵᠣᠷᠢᠭ ᠲᠤ ᠴᠢᠨᠢ
ᠠᠳᠠᠯ ᠪᠣᠰᠴᠤ ᠠᠮᠢᠳᠤᠷᠠᠯ ᠳᠡᠭᠵᠢᠷᠡᠨ᠎ᠡ
ᠰᠠᠢᠬᠠᠨ ᠮᠣᠩᠭᠣᠯ ᠪᠦᠰᠡᠭᠦᠢ ᠮᠢᠨᠢ
ᠰᠠᠨᠰᠠᠷ ᠲᠩᠷᠢ ᠶ᠋ᠢᠨ ᠲᠠᠪᠢᠯᠠᠩ ᠤᠤ
ᠰᠠᠢᠬᠠᠨ ᠮᠣᠩᠭᠣᠯ ᠪᠦᠰᠡᠭᠦᠢ ᠮᠢᠨᠢ
ᠰᠠᠨᠰᠠᠷ ᠲᠩᠷᠢ ᠶ᠋ᠢᠨ ᠲᠠᠪᠢᠯᠠᠩ ᠤᠤ
ᠰᠠᠨᠰᠠᠷ ᠲᠩᠷᠢ ᠶ᠋ᠢᠨ ᠲᠠᠪᠢᠯᠠᠩ ᠤᠤ
   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠢᠷᠡᠭᠡᠳᠦᠢ