ᠬᠠᠨᠢᠰᠠᠬᠤ ᠶ᠋ᠢᠨ ᠵᠢᠷᠭᠠᠯХаньсахын жаргалNyamzagd Handmaa Hanisahiin jargal
ᠬᠠᠨᠢᠰᠠᠬᠤ ᠶ᠋ᠢᠨ ᠵᠢᠷᠭᠠᠯ
ᠦᠭᠡ᠄ ᠯ• ᠭᠠᠸᠠᠰᠦ᠋ᠷᠦᠩ
ᠠᠶ᠎ᠠ᠄ ᠳ• ᠴᠡᠴᠡᠷᠯᠢᠭ
ᠳᠠᠭᠤᠴᠢᠨ᠄ ᠤ᠋• ᠨᠢᠮᠠᠵᠠᠭᠳᠠ᠂ ᠤ᠋• ᠬᠠᠨᠳᠤᠮ᠎ᠠ
ᠥᠷᠯᠥᠭᠡ ᠮᠠᠨᠳᠤᠬᠤ ᠨᠠᠷᠠᠨ ᠠ᠋ᠴᠠ ᠥᠷᠢᠰᠴᠦ ᠤᠷᠭᠤᠬᠤ ᠳ᠋ᠠᠭᠠᠨ
ᠦᠷᠭᠦᠯᠵᠢ ᠳᠤᠯᠠᠭᠠᠬᠠᠨ ᠬᠠᠷᠠᠴᠠ ᠶ᠋ᠢ ᠲᠠᠨᠢ ᠦᠭᠡᠢᠯᠡᠭᠰᠡᠭᠡᠷ ᠰᠡᠷᠢᠳᠡᠭ ᠰᠢᠦ ᠬᠠᠨᠢ ᠮᠢᠨᠢ
ᠭᠤᠨᠢᠭ ᠰᠠᠷᠨᠢᠭᠠᠬᠤ ᠨᠢᠳᠦᠨ ᠳ᠋ᠦ᠍ ᠴᠢᠨᠢ ᠡᠷᠬᠡᠯᠡᠵᠦ ᠵᠢᠷᠭᠠᠬᠤ ᠳ᠋ᠠᠭᠠᠨ
ᠭᠡᠷᠡᠯ ᠭᠡᠢᠭᠰᠡᠨ ᠠᠮᠢᠳᠤᠷᠠᠯ ᠳ᠋ᠠᠭᠠᠨ ᠴᠡᠴᠡᠭ ᠰᠢᠭ ᠰᠡᠷᠭᠦᠳᠡᠭ ᠰᠢᠦ ᠬᠠᠨᠢ ᠮᠢᠨᠢ ᠠ᠋
ᠭᠤᠨᠢᠭ ᠰᠠᠷᠨᠢᠭᠠᠬᠤ ᠨᠢᠳᠦᠨ ᠳ᠋ᠦ᠍ ᠴᠢᠨᠢ ᠡᠷᠬᠡᠯᠡᠵᠦ ᠵᠢᠷᠭᠠᠬᠤ ᠳ᠋ᠠᠭᠠᠨ
ᠭᠡᠷᠡᠯ ᠭᠡᠢᠭᠰᠡᠨ ᠠᠮᠢᠳᠤᠷᠠᠯ ᠳ᠋ᠠᠭᠠᠨ ᠴᠡᠴᠡᠭ ᠰᠢᠭ ᠰᠡᠷᠭᠦᠳᠡᠭ ᠰᠢᠦ ᠬᠠᠨᠢ ᠮᠢᠨᠢ ᠠ᠋᠃
ᠴᠡᠴᠡᠭᠡᠰ ᠤ᠋ᠨ ᠳᠤᠮᠳᠠ ᠠ᠋ᠴᠠ ᠴᠤ᠌ ᠢᠯᠭᠠᠮᠠ ᠦᠭᠡᠢ ᠦᠵᠡᠰᠬᠦᠯᠡᠩ ᠢ᠋ ᠪᠢᠰᠢᠷᠡᠭᠡᠳ
ᠴᠠᠷᠪᠠᠴᠤ ᠠᠭᠤᠯᠵᠠᠭᠰᠠᠨ ᠤᠴᠠᠷᠠᠯ ᠢ᠋ᠶ᠋ᠠᠨ ᠬᠣᠷᠣᠮᠬᠠᠨ ᠴᠤ᠌ ᠮᠠᠷᠲᠠᠬᠤ ᠦᠭᠡᠢ ᠬᠠᠨᠢ ᠮᠢᠨᠢ ᠠ᠋
ᠨᠠᠮ᠎ᠠ ᠶ᠋ᠢ ᠬᠠᠢᠷᠠᠯᠠᠭᠰᠠᠨ ᠬᠠᠢᠷ᠎ᠠ ᠶ᠋ᠢᠨ ᠴᠢᠨᠢ ᠢᠯᠴᠢᠨ ᠳ᠋ᠦ᠍ ᠡᠭᠡᠨᠡᠭᠰᠢᠭᠡᠳ
ᠨᠠᠮᠤᠷ ᠤ᠋ᠨ ᠰᠡᠷᠢᠭᠦᠨ ᠪᠤᠳᠠᠩ ᠳᠤᠮᠳᠠ ᠵᠢᠩᠳᠡᠵᠦ ᠦᠵᠡᠭᠰᠡᠨ ᠦᠭᠡᠢ ᠬᠠᠨᠢ ᠮᠢᠨᠢ ᠠ᠋
ᠨᠠᠮ᠎ᠠ ᠶ᠋ᠢ ᠬᠠᠢᠷᠠᠯᠠᠭᠰᠠᠨ ᠬᠠᠢᠷ᠎ᠠ ᠶ᠋ᠢᠨ ᠴᠢᠨᠢ ᠢᠯᠴᠢᠨ ᠳ᠋ᠦ᠍ ᠡᠭᠡᠨᠡᠭᠰᠢᠭᠡᠳ
ᠨᠠᠮᠤᠷ ᠤ᠋ᠨ ᠰᠡᠷᠢᠭᠦᠨ ᠪᠤᠳᠠᠩ ᠳᠤᠮᠳᠠ ᠵᠢᠩᠳᠡᠵᠦ ᠦᠵᠡᠭᠰᠡᠨ ᠦᠭᠡᠢ ᠬᠠᠨᠢ ᠮᠢᠨᠢ ᠠ᠋᠃
ᠬᠠᠨᠢᠰᠠᠬᠤ ᠶ᠋ᠢᠨ ᠢᠷᠦᠭᠡᠯ ᠵᠠᠶᠠᠭᠠᠭᠰᠠᠨ ᠴᠢᠨᠦᠬᠢ ᠪᠡᠨ ᠲᠦᠰᠢᠭ ᠢ᠋ᠶ᠋ᠡᠷ
ᠬᠠᠨᠢ ᠶ᠋ᠢᠨ ᠲᠩᠷᠢ ᠳ᠋ᠦ᠍ ᠪᠠᠳᠮᠠᠯᠠᠬᠤ ᠵᠤᠯᠠ ᠰᠢᠭ᠋ ᠠᠰᠠᠳᠠᠭ ᠰᠢᠦ ᠬᠠᠨᠢ ᠮᠢᠨᠢ ᠠ᠋
ᠵᠢᠷᠦᠬᠡ ᠶ᠋ᠢ ᠮᠢᠨᠢ ᠡᠵᠡᠮᠳᠡᠭᠰᠡᠨ ᠮᠥᠩᠬᠡ ᠶ᠋ᠢᠨ ᠭᠡᠭᠡᠨ ᠬᠠᠢᠷᠠᠨ ᠳ᠋ᠠᠭᠠᠨ
ᠵᠢᠰᠦ ᠪᠡᠨ ᠭᠤᠨᠳᠠᠲᠠᠯᠠ ᠬᠠᠨᠢᠯᠠᠬᠤ ᠳ᠋ᠠᠭᠠᠨ ᠴᠢᠮ᠎ᠠ ᠠ᠋ᠴᠠ ᠪᠠᠨ ᠤᠢᠳᠬᠤ ᠦᠭᠡᠢ ᠬᠠᠨᠢ ᠮᠢᠨᠢ ᠳᠧ ᠃
ᠵᠢᠷᠦᠬᠡ ᠶ᠋ᠢ ᠮᠢᠨᠢ ᠡᠵᠡᠮᠳᠡᠭᠰᠡᠨ ᠮᠥᠩᠬᠡ ᠶ᠋ᠢᠨ ᠭᠡᠭᠡᠨ ᠬᠠᠢᠷᠠᠨ ᠳ᠋ᠠᠭᠠᠨ
ᠵᠢᠰᠦ ᠪᠡᠨ ᠭᠤᠨᠳᠠᠲᠠᠯᠠ ᠬᠠᠨᠢᠯᠠᠬᠤ ᠳ᠋ᠠᠭᠠᠨ ᠴᠢᠮ᠎ᠠ ᠠ᠋ᠴᠠ ᠪᠠᠨ ᠤᠢᠳᠬᠤ ᠦᠭᠡᠢ ᠬᠠᠨᠢ ᠮᠢᠨᠢ ᠳᠧ᠃
ᠵᠢᠰᠦ ᠪᠡᠨ ᠭᠤᠨᠳᠠᠲᠠᠯᠠ ᠬᠠᠨᠢᠯᠠᠬᠤ ᠳ᠋ᠠᠭᠠᠨ ᠴᠢᠮ᠎ᠠ ᠠ᠋ᠴᠠ ᠪᠠᠨ ᠤᠢᠳᠬᠤ ᠦᠭᠡᠢ ᠬᠠᠨᠢ ᠮᠢᠨᠢ ᠳᠧ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
