ᠠ Q ᠶ᠋ᠢᠨ ᠵᠢᠩᠬᠢᠨᠢ ᠨᠠᠮᠲᠠᠷ-ᠯᠦ᠍ ᠰᠢᠶᠦ᠋ᠨАа Qийн жинхэнэ намтар-Лү Шүнь
ᠠ Q ᠶ᠋ᠢᠨ ᠵᠢᠩᠬᠢᠨᠢ ᠨᠠᠮᠲᠠᠷ
ᠯᠦ᠍ ᠰᠢᠶᠦ᠋ᠨ
ᠬᠡᠪᠲᠦ ᠶᠣᠰᠣᠨ ᠤ᠋ ᠭᠤᠷᠪᠠᠳᠤᠭᠠᠷ ᠣᠨ ᠤ᠋ ᠶᠢᠰᠦᠳᠦᠭᠡᠷ ᠰᠠᠷ᠎ᠠ ᠶ᠋ᠢᠨ ᠠᠷᠪᠠᠨ ᠳᠥᠷᠪᠡᠨ ᠦ᠌ ᠡᠳᠦᠷ - ᠥᠭᠡᠷ᠎ᠡ ᠪᠡᠷ ᠬᠡᠯᠡᠪᠡᠯ ᠠ᠊ Q ᠳᠠᠯᠢᠶᠠᠷ ᠢ᠋ᠶ᠋ᠠᠨ ᠵᠣᠣ ᠪᠠᠢ ᠶᠠᠨ ᠳ᠋ᠤ᠌ ᠬᠤᠳᠠᠯᠳᠤᠵᠤ ᠥᠭᠭᠦᠭᠰᠡᠨ ᠲᠡᠷᠡ ᠡᠳᠦᠷ ᠦ᠋ᠨ ᠰᠥᠨᠢ ᠶ᠋ᠢᠨ ᠭᠤᠷᠪᠠᠨ ᠵᠢᠩ ᠳᠥᠷᠪᠡᠨ ᠮᠥᠴᠡ ᠳ᠋ᠦ᠍᠂ ᠨᠢᠭᠡᠨ ᠪᠦᠳᠦᠭᠦᠨ ᠬᠠᠷ᠎ᠠ ᠮᠤᠬᠤᠯᠠᠭ ᠲᠠᠢ ᠣᠩᠭᠣᠴᠠ ᠵᠣᠣ ᠣᠪᠣᠭᠲᠠᠨ ᠤ᠋ ᠭᠡᠷ ᠦ᠋ᠨ ᠳᠡᠷᠭᠡᠳᠡᠬᠢ ᠭᠣᠣᠯ ᠤ᠋ᠨ ᠭᠠᠷᠠᠮ ᠳ᠋ᠤ᠌ ᠬᠦᠷᠴᠦ ᠢᠷᠡᠵᠡᠢ᠃ ᠲᠡᠷᠡ ᠣᠩᠭᠣᠴᠠ ᠬᠠᠪ ᠬᠠᠷᠠᠩᠭᠤᠢ ᠳ᠋ᠤ᠌ ᠬᠦᠷᠴᠦ ᠢᠷᠡᠭᠰᠡᠨ ᠲᠤᠯᠠ ᠬᠥᠳᠡᠭᠡᠨ ᠦ᠌ ᠬᠥᠮᠦᠰ ᠴᠥᠮ ᠲᠤᠭ ᠨᠣᠢᠷ ᠤᠨᠲᠠᠵᠠᠭᠠᠭᠠᠳ ᠨᠢᠭᠡ ᠴᠤ᠌ ᠮᠡᠳᠡᠭᠰᠡᠨ ᠦᠭᠡᠢ᠃ ᠪᠤᠴᠠᠵᠤ ᠶᠠᠪᠤᠬᠤ ᠳ᠋ᠤᠨᠢ ᠨᠢᠭᠡᠨᠲᠡ ᠦᠤᠷ ᠴᠠᠢᠬᠤ ᠵᠠᠪᠳᠤᠵᠤ ᠪᠠᠢᠭᠰᠠᠨ ᠲᠤᠯᠠ ᠬᠠᠷᠢᠨ ᠨᠡᠯᠢᠶᠡᠳ ᠬᠡᠳᠦᠨ ᠬᠥᠮᠦᠨ ᠣᠯᠵᠤ ᠬᠠᠷᠠᠭᠰᠠᠨ ᠪᠠᠢᠵᠠᠢ᠃ ᠬᠡᠷᠡᠭ ᠲᠦ᠍ ᠳᠤᠷᠠᠲᠠᠢ ᠤᠯᠤᠰ ᠤ᠋ᠳ ᠤ᠋ᠨ ᠭᠡᠲᠡᠵᠦ ᠮᠢᠷᠢᠶᠠᠵᠤ ᠣᠯᠤᠭᠰᠠᠨ ᠪᠠᠢᠴᠠᠭᠠᠯᠲᠠ ᠶ᠋ᠢ ᠦᠨᠳᠦᠰᠦᠯᠡᠪᠡᠯ ᠲᠡᠷᠡ ᠨᠢ ᠡᠷᠭᠦᠭᠰᠡᠳ ᠦ᠋ᠨ ᠣᠩᠭᠣᠴᠠ ᠠᠵᠢ!
ᠲᠡᠷᠡ ᠣᠩᠭᠣᠴᠠ ᠸᠧᠢ ᠵᠤᠸᠠᠩ ᠲᠣᠰᠬᠣᠨ ᠳ᠋ᠤ᠌ ᠶᠡᠬᠡ ᠦᠢᠮᠡᠭᠡᠨ ᠠᠪᠴᠢᠷᠠᠵᠤ ᠥᠭᠴᠡᠢ᠃ ᠦᠳᠡ ᠪᠣᠯᠬᠤ ᠠ᠋ᠴᠠ ᠡᠮᠦᠨ᠎ᠡ ᠲᠣᠰᠬᠣᠨ ᠨᠡᠢᠲᠡ ᠶ᠋ᠢᠨ ᠰᠡᠳᠬᠢᠯ ᠶᠡᠬᠡ ᠯᠡ ᠦᠢᠮᠡᠪᠡ᠃ ᠣᠩᠭᠣᠴᠠᠨ ᠤ᠋ ᠲᠤᠬᠠᠢ ᠤᠴᠢᠷ ᠢ᠋ ᠵᠣᠣ ᠣᠪᠣᠭᠲᠠᠨ ᠤ᠋ ᠬᠢᠨ ᠬᠡᠳᠦᠢ ᠲᠠᠭ ᠨᠢᠭᠤᠵᠤ ᠪᠠᠢᠭᠰᠠᠨ ᠪᠣᠯᠪᠠᠴᠤ ᠬᠤᠪᠢᠰᠬᠠᠯᠲᠤ ᠨᠠᠮ ᠬᠣᠲᠠ ᠳ᠋ᠤ᠌ ᠣᠷᠣᠵᠤ ᠢᠷᠡᠬᠦ ᠭᠡᠵᠦ ᠪᠠᠢᠨ᠎ᠠ᠃ ᠡᠷᠭᠦᠭᠰᠡᠳ ᠮᠠᠨ ᠤ᠋ ᠲᠣᠰᠬᠣᠨ ᠳ᠋ᠤ᠌ ᠳᠤᠲᠠᠭᠠᠵᠤ ᠢᠷᠡᠬᠦ ᠭᠡᠨ᠎ᠡ ᠭᠡᠵᠦ ᠠᠷᠢᠬᠢᠨ ᠤ᠋ ᠫᠦᠰᠡ᠂ ᠴᠠᠢ ᠶ᠋ᠢᠨ ᠮᠤᠬᠤᠯᠠᠭ ᠮᠡᠲᠦ ᠶ᠋ᠢᠨ ᠭᠠᠵᠠᠷ ᠢ᠋ᠶ᠋ᠠᠷ ᠪᠦᠷ ᠬᠡᠯᠡᠯᠴᠡᠬᠦ ᠪᠣᠯᠪᠠ᠃ ᠭᠠᠭᠴᠠ ᠽᠧᠦ ᠴᠢ ᠪᠡᠷᠭᠡᠨ ᠯᠡ ᠢᠩᠭᠢᠵᠦ ᠦᠵᠡᠬᠦ ᠦᠭᠡᠢ᠂ ᠨᠢᠭᠡ ᠬᠡᠳᠦᠨ ᠮᠤᠤᠰᠠᠢᠨ ᠠᠪᠳᠠᠷ᠎ᠠ ᠲᠠᠢ ᠶᠠᠭᠤᠮ᠎ᠠ ᠶ᠋ᠢ ᠡᠷᠭᠦᠭᠰᠡᠳ ᠠᠪᠴᠢᠷᠠᠵᠤ ᠬᠠᠳᠠᠭᠠᠯᠠᠭᠤᠯᠬᠤ ᠭᠡᠰᠡᠨ ᠪᠣᠯᠪᠠᠴᠤ ᠵᠣᠣ ᠲᠠᠢᠶᠧ ᠨᠣᠶᠠᠨ ᠬᠠᠷᠢᠨ ᠭᠡᠳᠡᠷᠭᠦ ᠪᠤᠴᠠᠭᠠᠭᠰᠠᠨ ᠭᠡᠳᠡᠭ ᠪᠠᠢᠵᠠᠢ᠃ ᠦᠨᠡᠨ ᠳ᠋ᠡᠭᠡᠨ ᠡᠷᠭᠦᠭᠰᠡᠳ᠂ ᠵᠣᠣ ᠰᠢᠦᠼᠠᠢ ᠬᠣᠶᠠᠷ ᠪᠣᠯ ᠶᠡᠷᠦ ᠡᠪ ᠳᠠᠭᠠᠷᠠᠳᠠᠭ ᠦᠭᠡᠢ᠂《ᠦᠢᠯᠡ ᠵᠣᠪᠠᠯᠠᠩ ᠢ᠋ᠶ᠋ᠠᠨ ᠬᠤᠪᠢᠶᠠᠯᠴᠠᠬᠤ》 ᠨᠠᠢᠷ ᠲᠠᠯ᠎ᠠ ᠪᠠᠢᠮᠠᠷ ᠦᠭᠡᠢ ᠡᠴᠡ ᠭᠠᠳᠠᠨ᠎ᠠ᠂ ᠽᠧᠦ ᠴᠢ ᠪᠡᠷᠭᠡᠨ ᠪᠣᠯ ᠵᠣᠣ ᠣᠪᠣᠭᠲᠠᠨ ᠤ᠋ ᠠᠢᠯ ᠵᠡᠷᠭᠡᠯᠡᠳᠡᠭᠡ ᠬᠥᠮᠦᠨ᠂ ᠦᠵᠡᠵᠦ ᠰᠣᠨᠣᠰᠤᠭᠰᠠᠨ ᠨᠢ ᠦᠯᠡᠮᠵᠢ ᠨᠠᠢᠳᠠᠪᠤᠷᠢᠲᠠᠢ ᠲᠤᠯᠠ ᠲᠡᠷᠡ ᠨᠢ ᠶᠡᠬᠡ ᠲᠥᠯᠥᠪ ᠵᠥᠪ ᠪᠠᠢᠵᠤ ᠮᠠᠭᠠᠳ ᠦᠭᠡᠢ᠃
ᠭᠡᠲᠡᠯ᠎ᠡ ᠴᠤᠤᠷᠬᠠᠯ ᠭᠡᠭᠴᠢ ᠰᠦᠷᠡᠬᠡᠢ ᠳᠡᠯᠭᠡᠷᠡᠵᠡᠢ᠃ ᠡᠷᠭᠦᠭᠰᠡᠳ ᠬᠡᠳᠦᠢ ᠥᠪᠡᠷ ᠢ᠋ᠶ᠋ᠡᠨ ᠢᠷᠡᠭᠰᠡᠨ ᠦᠭᠡᠢ ᠶᠠᠩᠵᠤᠲᠠᠢ ᠪᠣᠯᠪᠠᠴᠤ ᠨᠢᠭᠡ ᠤᠷᠲᠤ ᠵᠠᠬᠢᠳᠠᠯ ᠢᠷᠡᠭᠦᠯᠵᠦ ᠵᠣᠣ ᠣᠪᠣᠭᠲᠠᠨ ᠤ᠋ ᠬᠢᠨ ᠲᠡᠢ 《ᠰᠠᠳᠤᠨ ᠰᠦᠯᠪᠡᠭᠡ》 ᠪᠣᠯᠬᠤ ᠪᠠᠨ ᠦᠶᠡᠯᠡᠵᠦ ᠳᠠᠷᠠᠭᠠᠯᠠᠭᠰᠠᠨ ᠶᠤᠮ ᠭᠡᠨ᠎ᠡ᠃ ᠵᠣᠣ ᠲᠠᠢᠶᠧ ᠳᠣᠲᠣᠷ᠎ᠠ ᠪᠠᠨ ᠪᠣᠯᠭᠣᠭᠠᠵᠤ ᠲᠤᠩᠭᠠᠵᠤ ᠦᠵᠡᠭᠡᠳ᠂ ᠠᠷᠠᠢ ᠲᠡᠭᠦᠨ ᠳ᠋ᠦ᠍ ᠬᠣᠣᠷ ᠪᠣᠯᠤᠮᠠᠷ ᠦᠭᠡᠢ ᠰᠠᠨᠠᠭᠳᠠᠭᠰᠠᠨ ᠲᠤᠯᠠ ᠲᠡᠳᠡᠭᠡᠷ ᠠᠪᠳᠠᠷ᠎ᠠ ᠶ᠋ᠢ ᠦᠯᠡᠳᠡᠭᠡᠵᠦ ᠠᠪᠤᠭᠰᠠᠨ ᠨᠢ ᠣᠳᠣ ᠬᠠᠲᠤᠨ ᠤ᠋ ᠣᠷᠣᠨ ᠳᠣᠣᠷ᠎ᠠ ᠳᠠᠷᠤᠭᠳᠠᠵᠤ ᠪᠠᠢᠨ᠎ᠠ ᠭᠡᠵᠡᠭᠡᠨ᠎ᠡ᠃ ᠬᠤᠪᠢᠰᠬᠠᠯᠲᠤ ᠨᠠᠮ ᠤ᠋ᠨ ᠲᠤᠬᠠᠢ ᠵᠠᠷᠢᠮ ᠨᠢ ᠡᠨᠡ ᠰᠥᠨᠢ ᠬᠣᠲᠠ ᠳ᠋ᠤ᠌ ᠣᠷᠣᠵᠤ ᠢᠷᠡᠭᠰᠡᠨ᠂ ᠬᠥᠮᠦᠨ ᠪᠦᠷᠢ ᠴᠠᠭᠠᠨ ᠬᠤᠶᠠᠭ ᠳᠤᠭᠤᠯᠠᠭ᠎ᠠ ᠡᠮᠦᠰᠴᠦ ᠭᠡᠨ᠎ᠡ: ᠽᠥᠩᠵᠸᠩ ᠬᠠᠭᠠᠨ ᠳ᠋ᠤ᠌ ᠪᠡᠯᠪᠡᠰᠦᠷᠡᠵᠦ ᠥᠪᠴᠢ ᠴᠠᠭᠠᠨ ᠢ᠋ ᠡᠮᠦᠰᠦᠭᠰᠡᠨ ᠶᠦᠮ ᠭᠡᠯᠴᠡᠨ᠎ᠡ᠃
ᠬᠤᠪᠢᠰᠬᠠᠯᠲᠤ ᠨᠠᠮ ᠭᠡᠳᠡᠭ ᠦᠭᠡ ᠠ᠊ Q ᠶᠢᠨ ᠴᠢᠬᠢᠨ ᠳ᠋ᠦ᠍ ᠠᠯᠢ ᠬᠡᠳᠦᠢᠨ ᠳᠤᠭᠤᠯᠳᠠᠵᠤ ᠪᠠᠢᠭᠰᠠᠨ ᠤ᠋ ᠳᠡᠭᠡᠷ᠎ᠡ ᠡᠨᠡ ᠵᠢᠯ ᠬᠤᠪᠢᠰᠬᠠᠯᠲᠤ ᠨᠠᠮ ᠤ᠋ᠨ ᠬᠢᠨ ᠢ᠋ ᠠᠯᠠᠬᠤ ᠶ᠋ᠢ ᠪᠠᠰᠠ ᠥᠪᠡᠷ ᠦ᠋ᠨ ᠨᠢᠳᠦ ᠪᠡᠷ ᠣᠯᠵᠤ ᠦᠵᠡᠭᠰᠡᠨ ᠪᠠᠢᠵᠠᠢ᠃ ᠭᠡᠲᠡᠯ᠎ᠡ ᠲᠡᠭᠦᠨ ᠳ᠋ᠦ᠍ ᠬᠠᠮᠢᠭ᠎ᠠ ᠶᠠᠭᠤᠨ ᠠ᠋ᠴᠠ ᠡᠭᠦᠰᠦᠭᠰᠡᠨ ᠨᠢ ᠦᠯᠦ ᠮᠡᠳᠡᠭᠳᠡᠬᠦ ᠨᠢᠭᠡ ᠰᠠᠨᠠᠯ ᠪᠠᠢᠳᠠᠭ ᠪᠠᠢᠪᠠ᠃ ᠬᠤᠪᠢᠰᠬᠠᠯᠲᠤ ᠨᠠᠮ ᠭᠡᠭᠴᠢ ᠨᠢ ᠤᠷᠪᠠᠵᠤ ᠲᠡᠷᠰᠯᠡᠭᠰᠡᠨ ᠬᠡᠷᠡᠭ᠂ ᠤᠷᠪᠠᠵᠤ ᠲᠡᠷᠰᠯᠡᠬᠦ ᠨᠢ ᠲᠠᠭᠦᠨ ᠲᠠᠢ ᠥᠰᠢᠯᠳᠦᠭᠰᠡᠨ ᠬᠡᠷᠡᠭ ᠭᠡᠵᠦ ᠲᠡᠷᠡ ᠪᠣᠳᠣᠳᠠᠭ ᠲᠤᠯᠠ ᠢᠮᠠᠭᠲᠠ 《ᠭᠦᠨ᠎ᠡ ᠵᠢᠭᠰᠢᠵᠦ ᠦᠬᠦᠨ ᠬᠣᠷᠣᠰᠳᠠᠭ》 ᠪᠠᠢᠯ᠎ᠠ᠃ ᠭᠡᠲᠡᠯ᠎ᠡ ᠡᠨᠡ ᠨᠢ ᠵᠠᠭᠤᠨ ᠭᠠᠵᠠᠷ ᠲᠤ᠌ ᠠᠯᠳᠠᠷᠲᠠᠢ ᠡᠷᠭᠦᠭᠰᠡᠳ ᠨᠣᠶᠠᠨ ᠢ᠋ ᠬᠦᠷᠲᠡᠯ᠎ᠡ ᠢᠩᠭᠢᠵᠦ ᠰᠦᠷᠳᠡᠭᠦᠯᠦᠨ᠎ᠡ ᠭᠡᠵᠦ ᠬᠡᠨ ᠰᠠᠨᠠᠪᠠ᠃ ᠢᠩᠭᠢᠬᠦᠯᠡᠷ ᠠ᠊ Q ᠪᠠᠰᠠ ᠠᠷᠭ᠎ᠠ ᠦᠭᠡᠢ 《ᠰᠡᠳᠬᠢᠯ ᠲᠠᠲᠠᠭᠳᠠᠭᠰᠠᠨ》ᠰᠢᠭ᠋ ᠪᠣᠯᠤᠭᠰᠠᠨ ᠤ᠋ ᠳᠡᠭᠡᠷ᠎ᠡ᠂ ᠸᠧᠢ ᠵᠤᠸᠠᠩ ᠲᠣᠰᠬᠣᠨ ᠤ᠋ ᠥᠨᠥ ᠮᠤᠤᠰᠠᠢᠨ ᠡᠷ᠎ᠡ ᠡᠮᠡᠰ ᠦ᠋ᠨ ᠠᠶᠤᠵᠤ ᠰᠠᠨᠳᠤᠷᠤᠭᠰᠠᠨ ᠪᠠᠢᠳᠠᠯ ᠨᠢ ᠠ᠊ Q ᠶᠢ ᠨᠡᠩ ᠴᠤ᠌ ᠪᠠᠶᠠᠷᠯᠠᠭᠤᠯᠪᠠ᠃
《ᠬᠤᠪᠢᠰᠬᠠᠯ ᠴᠤ᠌ ᠶᠠᠭᠠᠮᠠᠢ᠂ ᠡᠨᠡ ᠮᠤᠤᠰᠠᠢᠨ ᠡᠬᠡ ᠪᠡᠨ ᠴᠢᠩᠭᠢᠭᠰᠡᠨ ᠨᠥᠬᠥᠳ ᠢ᠋ ᠬᠤᠪᠢᠰᠬᠠᠵᠤ ᠤᠷᠭᠢᠶ᠎ᠠ᠃ ᠳᠠᠩᠴᠢ ᠵᠢᠭᠰᠢᠯᠲᠡᠢ! ᠳᠠᠩᠴᠢ ᠵᠠᠨᠤᠯᠲᠠᠢ!᠁ ᠪᠢ ᠴᠤ᠌ ᠭᠡᠰᠡᠨ ᠬᠤᠪᠢᠰᠬᠠᠯᠲᠤ ᠨᠠᠮ ᠳ᠋ᠤ᠌ ᠪᠠᠭᠤᠵᠤ ᠥᠭᠬᠦ ᠳ᠋ᠦ᠍ ᠬᠦᠷᠦᠯ᠎ᠡ》 ᠭᠡᠵᠦ ᠠ᠊ Q ᠪᠣᠳᠣᠪᠠ᠃
ᠠ᠊ Q ᠣᠢᠷ᠎ᠠ ᠡᠴᠡ ᠪᠠᠬᠠᠨ ᠭᠠᠷ ᠮᠤᠬᠤᠷᠳᠠᠵᠤ ᠳᠣᠲᠣᠷ᠎ᠠ ᠨᠢ ᠨᠡᠯᠢᠶᠡᠳ ᠠᠶᠠᠭᠦᠢ ᠪᠠᠢᠭᠰᠠᠨ ᠤ᠋ ᠳᠡᠭᠡᠷ᠎ᠡ᠂ ᠦᠳᠡ ᠶ᠋ᠢᠨ ᠦᠶ᠎ᠡ ᠳ᠋ᠦ᠍ ᠬᠣᠭᠣᠰᠣᠨ ᠢ᠋ᠶ᠋ᠠᠷ ᠬᠣᠶᠠᠷ ᠠᠶᠠᠭ᠎ᠠ ᠠᠷᠢᠬᠢ ᠵᠠᠯᠭᠢᠯᠠᠭᠰᠠᠨ ᠲᠤᠯᠠ ᠤᠯᠠᠮ ᠴᠤ᠌ ᠲᠦᠷᠭᠡᠨ ᠰᠣᠭᠲᠣᠭᠰᠠᠨ ᠪᠠᠢᠵᠠᠢ᠃ ᠢᠩᠭᠢᠭᠡᠳ ᠮᠠᠨᠠᠢ ᠬᠥᠮᠦᠨ ᠪᠣᠳᠣᠯᠭ᠎ᠠ ᠪᠣᠯᠤᠭᠰᠠᠭᠠᠷ ᠶᠠᠪᠤᠲᠠᠯ᠎ᠠ᠂ ᠰᠡᠳᠬᠢᠯ ᠨᠢ ᠰᠠᠭᠭᠠᠵᠤ ᠪᠠᠰᠠ ᠯᠠ ᠬᠥᠪᠦᠯᠵᠡᠵᠦ ᠡᠬᠢᠯᠡᠯ᠎ᠡ᠃ ᠢᠩᠭᠢᠲᠡᠯ᠎ᠡ ᠪᠤᠤ ᠮᠡᠳᠡ᠂ ᠨᠢᠭᠡ ᠮᠡᠳᠡᠬᠦ ᠳ᠋ᠦ᠍ ᠮᠠᠨᠠᠢ ᠬᠥᠮᠦᠨ ᠬᠠᠷᠢᠨ ᠥᠪᠡᠷ ᠢ᠋ᠶ᠋ᠡᠨ ᠬᠤᠪᠢᠰᠬᠠᠯᠲᠤ ᠨᠠᠮ ᠪᠣᠯᠤᠭᠠᠳ ᠸᠧᠢ ᠵᠤᠸᠠᠩ ᠤ᠋ᠨ ᠬᠥᠮᠦᠰ ᠴᠥᠮ ᠲᠡᠭᠦᠨ ᠦ᠌ ᠣᠯᠵᠠ ᠪᠣᠯᠤᠭᠰᠠᠨ ᠶᠤᠮ ᠰᠢᠭ᠋ ᠰᠠᠨᠠᠭᠳᠠᠪᠠ᠃ ᠢᠩᠭᠢᠭᠡᠳ ᠲᠡᠷᠡ ᠪᠠᠶᠠᠷᠯᠠᠬᠤ ᠶ᠋ᠢᠨ ᠢ᠋ᠶ᠋ᠡᠨ ᠶᠡᠬᠡ ᠳ᠋ᠦ᠍ ᠲᠡᠰᠬᠡᠯ ᠦᠭᠡᠢ ᠶᠡᠬᠡ ᠳᠠᠭᠤᠨ ᠢ᠋ᠶ᠋ᠠᠷ: 《ᠤᠷᠪᠠᠯ᠎ᠠ! ᠤᠷᠪᠠᠯ᠎ᠠ!》 ᠭᠡᠵᠦ ᠬᠠᠰᠬᠢᠷᠪᠠ᠃
ᠸᠧᠢ ᠵᠤᠸᠠᠩ ᠤ᠋ᠨ ᠬᠥᠮᠦᠰ ᠴᠥᠮ ᠲᠡᠭᠦᠨ ᠢ᠋ ᠡᠮᠢᠶᠡᠵᠦ ᠰᠣᠴᠢᠭᠰᠠᠨ ᠨᠢᠳᠦ ᠪᠡᠷ ᠰᠢᠷᠳᠡᠨ᠎ᠡ᠃ ᠢᠩᠭᠢᠵᠦ ᠦᠷᠦ ᠡᠪᠡᠳᠦᠮᠡᠷ ᠬᠠᠷᠠᠴᠠ ᠶ᠋ᠢ ᠠ᠊ Q ᠶᠡᠷᠦ ᠣᠯᠵᠤ ᠦᠵᠡᠭᠡᠳᠦᠢ ᠪᠠᠢᠭᠰᠠᠨ ᠲᠤᠯᠠ ᠣᠳᠣ ᠣᠯᠵᠤ ᠦᠵᠡᠭᠡᠳ ᠵᠤᠨ ᠤ᠋ ᠵᠢᠷᠭᠤᠭᠠᠨ ᠰᠠᠷ᠎ᠠ ᠳ᠋ᠤ᠌ ᠵᠢᠩᠭᠢᠨᠡᠮ᠎ᠡ ᠮᠥᠰᠥ ᠵᠠᠯᠭᠢᠭᠰᠠᠨ ᠮᠡᠲᠦ ᠳᠣᠲᠣᠷ᠎ᠠ ᠨᠢ ᠶᠡᠬᠡ ᠲᠠᠭᠠᠲᠠᠢ ᠰᠠᠨᠠᠭᠳᠠᠯ᠎ᠠ᠃ ᠢᠩᠭᠢᠭᠡᠳ ᠤᠯᠠᠮ ᠶᠡᠬᠡ ᠪᠠᠶᠠᠷᠯᠠᠵᠤ ᠶᠠᠪᠤᠭᠤᠲᠠ ᠥᠨᠳᠥᠷ ᠳᠠᠭᠤᠨ ᠢ᠋ᠶ᠋ᠠᠷ ᠳᠠᠭᠤᠯᠠᠨ᠎ᠠ:
《ᠵᠠ ᠁ ᠳᠤᠷ᠎ᠠ ᠪᠠᠷ ᠢ᠋ᠶ᠋ᠠᠨ ᠳᠣᠩᠬᠣᠯᠵᠠᠵᠤ ᠰᠠᠨᠠᠭ᠎ᠠ ᠪᠠᠷ ᠢ᠋ᠶ᠋ᠠᠨ ᠰᠠᠪᠠᠯᠠᠨ᠎ᠠ ᠪᠢ᠃
ᠳ᠋ᠦᠩ ᠳ᠋ᠦᠩ᠂ ᠴᠢᠶᠠᠩ ᠴᠢᠶᠠᠩ!
ᠭᠡᠮᠰᠢᠪᠡᠴᠦ ᠣᠷᠣᠢᠲᠠᠯᠠ᠂ ᠰᠣᠭᠲᠣᠭᠤ ᠶᠠᠪᠤᠭᠰᠠᠭᠠᠷ ᠮᠡᠷᠭᠡᠨ ᠳᠡᠭᠦᠦ ᠵᠧᠩ ᠢ᠋ ᠠᠯᠠᠴᠢᠬᠠᠪᠠ᠃
ᠭᠡᠮᠰᠢᠪᠡᠴᠦ ᠣᠷᠣᠢᠳᠠᠨ᠂ ᠠᠢ ᠶᠠ ᠶᠠ ᠁
ᠳ᠋ᠦᠩ ᠳ᠋ᠦᠩ᠂ ᠴᠢᠶᠠᠩ ᠴᠢᠶᠠᠩ ᠳ᠋ᠦᠩ᠂ ᠴᠢᠶᠠᠩ ᠯᠢᠩ ᠴᠢᠶᠠᠩ!
ᠭᠠᠷ ᠲᠠᠭᠠᠨ ᠪᠠᠷᠢᠭᠰᠠᠨ ᠭᠠᠩ ᠲᠠᠰᠢᠭᠤᠷ ᠢ᠋ᠶ᠋ᠠᠷ ᠭᠠᠢᠭᠤᠢᠬᠠᠨ ᠵᠣᠳᠣᠶᠠ ᠳᠠ ᠴᠢᠮᠠᠶ᠋ᠢ ᠪᠢ ᠁》
ᠵᠣᠣ ᠣᠪᠣᠭᠲᠠᠨ ᠤ᠋ ᠬᠣᠶᠠᠷ ᠪᠦᠰᠡᠲᠡᠢ ᠬᠥᠮᠦᠨ᠂ ᠪᠠᠰᠠ ᠬᠣᠶᠠᠷ ᠵᠢᠩᠬᠢᠨᠢ ᠲᠥᠷᠥᠯ ᠨᠢ ᠭᠠᠳᠠᠨ᠎ᠠ ᠬᠠᠭᠠᠯᠭᠠᠨ ᠳᠡᠭᠡᠷ᠎ᠡ ᠵᠣᠭᠰᠣᠭᠠᠳ ᠬᠤᠪᠢᠰᠬᠠᠯ ᠤ᠋ᠨ ᠲᠤᠬᠠᠢ ᠶᠠᠷᠢᠶ᠎ᠠ ᠪᠣᠯᠵᠤ ᠪᠠᠢᠪᠠ᠃ ᠠ᠊ Q ᠣᠯᠵᠤ ᠦᠵᠡᠭᠰᠡᠨ ᠦᠭᠡᠢ᠂ ᠠᠰ ᠳᠡᠭᠡᠭᠰᠢ ᠪᠡᠨ ᠬᠠᠷᠠᠭᠠᠳ ᠠᠶᠠᠯᠵᠤ ᠳᠠᠭᠤᠯᠠᠭᠰᠠᠭᠠᠷ ᠥᠩᠭᠡᠷᠡᠪᠡ᠃
《ᠳ᠋ᠦᠩ ᠳ᠋ᠦᠩ ᠁》
《Q ᠭᠤᠸᠠᠢ》 ᠭᠡᠵᠦ ᠵᠣᠣ ᠲᠠᠢᠶᠧ ᠨᠣᠶᠠᠨ ᠲᠣᠰᠴᠤ ᠣᠴᠢᠭᠠᠳ ᠳᠣᠷᠣᠢ ᠳᠤᠤᠭᠠᠷᠪᠠ᠃
《ᠴᠢᠶᠠᠩ ᠴᠢᠶᠠᠩ》
ᠠ᠊ Q ᠥᠪᠡᠷ ᠦ᠋ᠨ ᠨᠡᠷ᠎ᠡ ᠶ᠋ᠢ 《ᠭᠤᠸᠠᠢ》 ᠦᠰᠦᠭ ᠲᠡᠢ ᠬᠠᠪᠢᠳᠠᠵᠤ ᠣᠴᠢᠨ᠎ᠠ ᠭᠡᠵᠦ ᠰᠠᠨᠠᠭᠰᠠᠨ ᠦᠭᠡᠢ᠂ ᠨᠠᠳᠠ ᠲᠠᠢ ᠬᠠᠮᠢᠶ᠎ᠠ ᠦᠭᠡᠢ ᠥᠭᠡᠷ᠎ᠡ ᠦᠭᠡ ᠪᠠᠢᠯᠭᠦᠢ ᠭᠡᠳ ᠳᠠᠭᠤᠯᠠᠵᠤ ᠯᠠ ᠶᠠᠪᠤᠪᠠ᠃
《ᠳ᠋ᠦᠩ᠂ ᠴᠢᠶᠠᠩ᠂ ᠴᠢᠶᠠᠩ ᠯᠢᠩ ᠴᠢᠶᠠᠩ᠂ ᠴᠢᠶᠠᠩ!》
《Q ᠭᠤᠸᠠᠢ!》
《ᠭᠡᠮᠰᠢᠪᠡᠴᠦ ᠣᠷᠣᠢᠲᠠᠯᠠ ᠁》
《ᠠ᠊ Q》 ᠭᠡᠵᠦ ᠰᠢᠦᠼᠠᠢ ᠠᠷᠭ᠎ᠠ ᠦᠭᠡᠢ ᠰᠢᠭᠤᠳ ᠨᠡᠷ᠎ᠡ ᠪᠡᠷ ᠨᠢ ᠳᠠᠭᠤᠳᠠᠪᠠ᠃
ᠠ᠊ Q ᠢᠩᠭᠢᠬᠦᠯᠡᠷ ᠨᠢ ᠵᠣᠭᠰᠣᠵᠤ ᠲᠣᠯᠣᠭᠠᠢ ᠪᠠᠨ ᠳᠠᠯᠵᠢᠢᠯᠭᠠᠨ:
《ᠶᠠᠭᠤ ᠪᠣᠢ?》 ᠭᠡᠪᠡ᠃
《Q ᠭᠤᠸᠠᠢ ᠁ ᠣᠳᠣ ᠁》 ᠭᠡᠳ ᠵᠣᠣ ᠲᠠᠢᠶᠧ ᠨᠣᠶᠠᠨ ᠬᠠᠷᠢᠨ ᠬᠡᠯᠡᠬᠦ ᠦᠭᠡ ᠪᠡᠨ ᠣᠯᠵᠤ ᠶᠠᠳᠠᠨ: 《ᠣᠳᠣ ᠁ ᠪᠠᠶᠠᠵᠢᠬᠤ ᠨᠢ ᠤᠤ?》 ᠭᠡᠪᠡ᠃
《ᠪᠠᠶᠠᠵᠢᠨ᠎ᠠ ᠠ᠋? ᠳᠡᠭᠡᠯ ᠦᠭᠡᠢ ᠶᠠᠭᠠᠬᠢᠬᠤ ᠪᠣᠢ᠃ ᠶᠠᠭᠤ ᠯᠠ ᠭᠡᠪᠡᠯ ᠲᠡᠷᠡ ᠪᠡᠯᠡᠨ ᠁》
《ᠠ᠊ ᠁Q ᠠᠬ᠎ᠠ ᠠ᠋᠂ ᠪᠢᠳᠡᠨ ᠰᠢᠭ᠋ ᠡᠢᠮᠦ ᠶᠠᠳᠠᠭᠤ ᠨᠠᠢᠵᠠ ᠶᠠᠮᠠᠷ ᠬᠠᠮᠢᠶ᠎ᠠ ᠪᠠᠢᠬᠤ ᠪᠣᠢ ᠁》 ᠭᠡᠵᠦ ᠵᠣᠣ ᠪᠠᠢ ᠶᠠᠨ ᠬᠤᠪᠢᠰᠬᠠᠯᠲᠤ ᠨᠠᠮ ᠤ᠋ᠨ ᠲᠤᠬᠠᠢ ᠠᠵᠢᠭ ᠮᠡᠳᠡᠬᠦ ᠭᠡᠰᠡᠨ ᠪᠣᠯᠤᠯᠲᠠᠢ ᠠᠶᠤᠵᠤ ᠵᠢᠷᠦᠬᠡᠰᠢᠨ ᠠᠰᠠᠭᠤᠪᠠ᠃ 《ᠶᠠᠳᠠᠭᠤ ᠨᠠᠢᠵᠠ ᠠ᠋? ᠴᠢ ᠶᠠᠭᠠᠬᠢᠭᠰᠠᠨ ᠴᠤ᠌ ᠨᠠᠳᠠ ᠠ᠋ᠴᠠ ᠪᠠᠶᠠᠨ ᠰᠢᠦ ᠳᠡ 》 ᠭᠡᠳ ᠠ᠊ Q ᠶᠠᠪᠤᠭᠠᠳ ᠥᠭᠪᠡ᠃
ᠪᠦᠭᠦᠳᠡᠭᠡᠷ ᠭᠠᠢᠬᠠᠵᠤ ᠲᠣᠪ ᠳᠤᠭᠤᠢ ᠪᠣᠯᠪᠠ᠃ ᠵᠣᠣ ᠲᠠᠢᠶᠧ ᠨᠣᠶᠠᠨ ᠠᠪᠤ ᠬᠦᠦ ᠬᠣᠶᠠᠭᠤᠯᠠ ᠭᠡᠷ ᠲᠡᠭᠡᠨ ᠬᠠᠷᠢᠭᠠᠳ ᠣᠷᠣᠢ ᠳ᠋ᠧᠩ ᠰᠢᠲᠠᠭᠠᠲᠠᠯ᠎ᠠ ᠶᠠᠷᠢᠯᠴᠠᠪᠠ᠃ ᠵᠣᠣ ᠪᠠᠢ ᠶᠠᠨ ᠭᠡᠷ ᠲᠡᠭᠡᠨ ᠬᠠᠷᠢᠵᠤ ᠢᠷᠡᠭᠡᠳ ᠪᠥᠰᠡᠨ ᠡᠴᠡ ᠪᠡᠨ ᠳᠠᠯᠢᠶᠠᠷ ᠢ᠋ᠶ᠋ᠠᠨ ᠠᠪᠴᠤ ᠡᠬᠡᠨᠡᠷ ᠲᠡᠭᠡᠨ ᠥᠭᠭᠦᠭᠡᠳ ᠠᠪᠳᠠᠷ᠎ᠠ ᠶ᠋ᠢᠨ ᠢᠷᠣᠭᠠᠷ ᠲᠤ᠌ ᠨᠢᠭᠤᠯᠭᠠᠪᠠ᠃
ᠠ᠊ Q ᠪᠠᠬᠠᠨ ᠬᠥᠪᠦᠯᠵᠡᠨ ᠨᠢᠰᠴᠦ ᠶᠠᠪᠤᠭᠠᠳ ᠶᠢᠰᠦᠨ ᠡᠵᠡᠳ ᠦ᠋ᠨ ᠰᠦᠮ᠎ᠡ ᠳ᠋ᠡᠭᠡᠨ ᠬᠠᠷᠢᠵᠤ ᠢᠷᠡᠲᠡᠯ᠎ᠡ ᠠᠷᠢᠬᠢ ᠨᠢ ᠪᠦᠷ ᠰᠡᠷᠭᠦᠵᠡᠢ᠃ ᠡᠨᠡ ᠣᠷᠣᠢ ᠰᠦᠮ᠎ᠡ ᠬᠠᠷᠠᠭᠴᠢ ᠡᠪᠦᠭᠡᠨ ᠪᠠᠰᠠ ᠰᠦᠷᠡᠬᠡᠢ ᠡᠶᠡᠯᠳᠡᠭ ᠪᠣᠯᠵᠤ ᠲᠡᠭᠦᠨ ᠢ᠋ ᠤᠷᠢᠵᠤ ᠴᠠᠢ ᠤᠤᠭᠤᠯᠭᠠᠪᠠ᠃ ᠠ᠊ Q ᠲᠡᠭᠦᠨ ᠡᠴᠡ ᠬᠣᠶᠠᠷ ᠪᠣᠭᠣᠷᠰᠣᠭ ᠠᠪᠴᠤ ᠢᠳᠡᠵᠦ ᠪᠠᠷᠠᠭᠠᠳ ᠪᠠᠰᠠ ᠬᠠᠭᠠᠰ ᠨᠣᠴᠣᠭᠠᠭᠰᠠᠨ ᠳᠥᠷᠪᠡᠨ ᠯᠠᠩ ᠤ᠋ᠨ ᠯᠠ ᠣᠯᠵᠤ᠂ ᠲᠡᠭᠦᠨ ᠢ᠋ᠶ᠋ᠡᠨ ᠠᠰᠠᠭᠠᠭᠠᠳ ᠪᠢᠴᠢᠬᠠᠨ ᠲᠠᠰᠤᠯᠭᠠᠨ ᠳ᠋ᠠᠭᠠᠨ ᠭᠠᠭᠴᠠᠭᠠᠷ ᠬᠡᠪᠲᠡᠪᠡ᠃ ᠳᠣᠲᠣᠷ᠎ᠠ ᠨᠢ ᠥᠭᠦᠯᠡᠰᠢ ᠦᠭᠡᠢ ᠰᠠᠢᠬᠠᠨ ᠰᠠᠨᠠᠭᠳᠠᠵᠤ ᠪᠠᠰᠠ ᠶᠡᠬᠡ ᠪᠠᠶᠠᠷ ᠲᠠᠢ ᠪᠣᠯᠪᠠ᠃ ᠯᠠ ᠶᠢᠨ ᠳᠥᠯᠥ ᠨᠢ ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠰᠥᠨᠢ ᠰᠢᠭ ᠳᠤᠯᠠᠯᠵᠠᠨ ᠭᠡᠢᠵᠦ ᠰᠡᠳᠬᠢᠯ ᠨᠢ ᠴᠤ᠌ ᠮᠥᠨ ᠡᠭᠦᠨ ᠦ᠌ ᠬᠠᠮᠲᠤ ᠬᠥᠪᠦᠯᠵᠡᠨ ᠪᠥᠵᠢᠭᠯᠡᠵᠦ ᠡᠬᠢᠯᠡᠯ᠎ᠡ᠃
《ᠤᠷᠪᠠᠨ᠎ᠠ ᠠ᠋? ᠪᠠᠰᠠ ᠪᠠᠬᠠᠲᠠᠢ ᠬᠡᠷᠡᠭ ᠳᠡ ᠁ ᠴᠠᠭᠠᠨ ᠬᠤᠶᠠᠭ ᠳᠤᠭᠤᠯᠠᠭ᠎ᠠ ᠡᠮᠦᠰᠦᠭᠰᠡᠨ ᠨᠢᠭᠡ ᠣᠯᠠᠨ ᠬᠤᠪᠢᠰᠬᠠᠯᠲᠤ ᠨᠠᠮ ᠤ᠋ᠨ ᠬᠢᠨ ᠬᠦᠷᠴᠦ ᠢᠷᠡᠯ᠎ᠡ᠃ ᠭᠠᠷ ᠲᠠᠭᠠᠨ ᠴᠥᠮ ᠳᠠᠮ ᠢᠯᠳᠦ᠂ ᠭᠠᠩ ᠲᠠᠰᠢᠭᠤᠷ᠂ ᠳᠡᠯᠪᠡᠷᠡᠬᠦ ᠪᠥᠮᠪᠥᠭᠡ᠂ ᠣᠷᠣᠰ ᠫᠤᠤ᠂ ᠵᠢᠳᠠ ᠰᠡᠷᠡᠭᠡ᠂ ᠬᠤᠷᠳᠤᠨ ᠫᠤᠤ ᠪᠠᠷᠢᠵᠠᠭᠠᠭᠠᠳ ᠶᠢᠰᠦᠨ ᠡᠵᠡᠳ ᠦ᠋ᠨ ᠰᠦᠮ᠎ᠡ ᠪᠡᠷ ᠳᠠᠭᠠᠷᠢᠵᠤ ᠭᠠᠷᠬᠤ ᠳ᠋ᠠᠭᠠᠨ: 〈ᠠ᠊ Q! ᠬᠠᠮᠲᠤ ᠶᠠᠪᠤᠶ᠎ᠠ᠂ ᠬᠠᠮᠲᠤ ᠶᠠᠪᠤᠶ᠎ᠠ!〉 ᠭᠡᠯᠴᠡᠨ᠎ᠡ᠃ ᠲᠡᠭᠡᠭᠡᠳ ᠬᠠᠮᠲᠤ ᠶᠠᠪᠤᠪᠠ᠃
《ᠡᠨᠡ ᠦᠶ᠎ᠡ ᠳ᠋ᠦ᠍ ᠸᠧᠢ ᠵᠤᠸᠠᠩ ᠤ᠋ᠨ ᠥᠨᠥ ᠮᠤᠤᠰᠠᠢᠨ ᠡᠮᠡᠰ ᠦ᠋ᠳ ᠴᠣᠬᠣᠮ ᠢᠨᠢᠶᠡᠳᠦᠮᠲᠡᠢ ᠰᠢᠦ᠂ ᠰᠥᠭᠥᠳᠴᠢᠬᠡᠭᠡᠳ: 〈ᠠ᠊ Qᠮᠢᠨᠢ᠂ ᠠᠮᠢ ᠠᠪᠤᠷᠠ!〉 ᠭᠡᠵᠡᠭᠡᠨ᠎ᠡ᠃ ᠬᠡᠨ ᠲᠡᠭᠦᠨ ᠢ᠋ ᠰᠣᠨᠣᠰᠬᠤ ᠪᠣᠢ! ᠡᠩ ᠲᠡᠷᠢᠭᠦᠨ ᠳ᠋ᠦ᠍ ᠵᠢᠭᠠᠯ D᠂ ᠵᠣᠣ ᠲᠠᠢᠶᠧ ᠨᠣᠶᠠᠨ ᠬᠣᠶᠠᠷ ᠤ᠋ᠨ ᠴᠢᠰᠤ ᠶ᠋ᠢ ᠬᠣᠯᠢᠶ᠎ᠠ᠂ ᠪᠠᠰᠠ ᠰᠢᠦᠼᠠᠢ ᠶ᠋ᠢ᠂ ᠬᠠᠭᠤᠷᠮᠠᠴᠢ ᠬᠠᠷᠢ ᠶ᠋ᠢᠨ ᠴᠢᠳᠬᠥᠷ ᠢ᠋ ᠁ ᠨᠢᠭᠡ ᠬᠡᠳᠦ ᠦᠯᠡᠳᠡᠭᠡᠬᠦ ᠤᠤ ᠳᠠ ? ᠸᠠᠩ ᠰᠠᠬᠠᠯᠲᠤ ᠶ᠋ᠢ ᠦᠯᠡᠳᠡᠭᠡᠭᠰᠡᠨ ᠴᠤ᠌ ᠪᠣᠯᠬᠤ ᠶᠤᠮ᠃ ᠵᠠ ᠶᠠᠷᠰᠢᠭ᠂ ᠠᠪᠤᠭᠠᠳ ᠭᠠᠷ᠃ ᠁
《ᠡᠳ᠋ ᠶᠠᠭᠤᠮ᠎ᠠ ᠁ ᠰᠢᠭᠤᠳ ᠣᠷᠣᠵᠤ ᠣᠴᠢᠭᠠᠳ ᠠᠪᠳᠠᠷ᠎ᠠ ᠬᠣᠷᠭᠣ ᠶ᠋ᠢ ᠨᠡᠭᠡᠭᠡᠨ᠎ᠡ᠃ ᠶᠤᠸᠠᠮᠪᠤᠤ᠂ ᠮᠥᠩᠭᠥᠨ ᠵᠣᠭᠣᠰ᠂ ᠶᠠᠩᠱᠠ ᠴᠠᠮᠴᠠ ᠁ ᠰᠢᠦᠼᠠᠢ ᠶ᠋ᠢᠨ ᠡᠬᠡᠨᠡᠷ ᠦ᠋ᠨ ᠨᠢᠩᠪᠦ᠋ᠸᠧ ᠮᠠᠶᠢ᠍ᠭ ᠤ᠋ᠨ ᠣᠷᠣ ᠶ᠋ᠢ ᠤᠷᠢᠳᠠ ᠪᠠᠷ ᠶᠢᠰᠦᠨ ᠡᠵᠡᠳ ᠦ᠋ᠨ ᠰᠦᠮ᠎ᠡ ᠳ᠋ᠡᠭᠡᠨ ᠠᠪᠴᠢᠷᠠᠶ᠎ᠠ᠂ ᠡᠭᠦᠨ ᠡᠴᠡ ᠭᠠᠳᠠᠨ᠎ᠠ ᠴᠢᠶᠠᠨ ᠣᠪᠣᠭᠲᠠᠨ ᠤ᠋ ᠰᠢᠷᠡᠭᠡ ᠰᠠᠨᠳᠠᠯᠢ ᠶᠢ ᠴᠤ᠌ ᠠᠪᠴᠢᠷᠠᠵᠤ ᠲᠠᠯᠪᠢᠶ᠎ᠠ᠂ ᠡᠰᠡᠬᠦᠯ᠎ᠡ ᠵᠤᠤ ᠣᠪᠣᠭᠲᠠᠨ ᠤ ᠴᠤ᠌ ᠶᠠᠭᠠᠮᠠᠢ᠃ ᠥᠪᠡᠷ ᠢ᠋ᠶ᠋ᠡᠨ ᠭᠠᠷ ᠬᠥᠳᠡᠯᠬᠦ ᠦᠭᠡᠢ ᠰᠢᠦ! ᠵᠢᠭᠠᠯ D ᠪᠠᠷ ᠵᠥᠭᠡᠭᠡᠯᠭᠡᠨᠡ᠂ ᠪᠤᠰᠢᠭᠤ ᠵᠥᠭᠡᠭᠡᠬᠦ ᠦᠭᠡᠢ ᠪᠣᠯ ᠲᠦᠭᠦᠰᠢ ᠶ᠋ᠢ ᠨᠢ ᠠᠪᠤᠨ᠎ᠠ᠃᠁
《ᠵᠣᠣ ᠰᠧ ᠴᠧᠨ ᠦ᠌ ᠥᠬᠢᠨ ᠳᠡᠭᠦᠦ ᠶᠠᠭ ᠵᠢᠰᠦ ᠦᠭᠡᠢ᠃ ᠽᠧᠦ ᠴᠢ ᠪᠡᠷᠭᠡᠨ ᠦ᠌ ᠥᠬᠢᠨ ᠢ᠋ ᠬᠡᠳᠦᠨ ᠵᠢᠯ ᠡᠴᠡ ᠮᠡᠳᠡᠶ᠎ᠡ᠃ ᠬᠠᠭᠤᠷᠮᠠᠴᠢ ᠬᠠᠷᠢ ᠶ᠋ᠢᠨ ᠴᠢᠳᠬᠥᠷ ᠦ᠋ᠨ ᠡᠬᠡᠨᠡᠷ ᠨᠢ ᠭᠡᠵᠢᠭᠡ ᠦᠭᠡᠢ ᠬᠥᠮᠦᠨ ᠲᠡᠢ ᠤᠨᠲᠠᠳᠠᠭ ᠶᠤᠮ᠃ ᠫᠦ᠂ ᠣᠯᠢᠭᠲᠠᠢ ᠠᠮᠢᠲᠠᠨ ᠪᠢᠰᠢ! ᠰᠢᠦᠼᠠᠢ ᠶ᠋ᠢᠨ ᠡᠬᠡᠨᠡᠷ ᠦ᠋ᠨ ᠨᠢᠳᠦᠨ ᠳᠡᠭᠡᠷ᠎ᠡ ᠨᠢ ᠰᠣᠷᠪᠢ ᠲᠠᠢ ᠪᠢᠯᠡ᠃ ᠁ ᠡᠦ ᠮᠠ᠋ ᠤᠳᠠᠲᠠᠯ᠎ᠠ ᠬᠠᠷᠠᠭᠳᠠᠭᠰᠠᠨ ᠦᠭᠡᠢ᠂ ᠬᠠᠮᠢᠭ᠎ᠠ ᠪᠠᠢᠬᠤ ᠶ᠋ᠢ ᠪᠤᠤ ᠮᠡᠳᠡ᠂ ᠭᠡᠪᠡᠴᠦ ᠬᠥᠯ ᠨᠢ ᠳᠠᠩᠴᠢ ᠶᠡᠬᠡ ᠨᠢ ᠬᠠᠷᠠᠮᠰᠠᠯᠲᠠᠢ᠃ 》
ᠠ᠊ Q ᠭᠦᠢᠴᠡᠳ ᠵᠢᠪ ᠳᠠᠪ ᠪᠣᠳᠣᠬᠤ ᠶ᠋ᠢᠨ ᠠᠮᠵᠢᠯ ᠦᠭᠡᠢ ᠬᠠᠮᠠᠷ ᠲᠠᠲᠠᠵᠤ ᠭᠠᠷᠪᠠ᠃ ᠳᠥᠷᠪᠡᠨ ᠯᠠᠩ ᠤ᠋ᠨ ᠯᠠ ᠳᠥᠩᠭᠡᠵᠢ ᠬᠤᠷᠤᠭᠤ ᠬᠢᠷᠢᠲᠡᠢᠬᠡᠨ ᠰᠢᠳᠡᠵᠦ᠂ ᠳᠤᠯᠠᠯᠵᠠᠭᠰᠠᠨ ᠤᠯᠠᠭᠠᠨ ᠭᠡᠷᠡᠯ ᠨᠢ ᠠ᠊ Q ᠶᠢᠨ ᠠᠩᠭᠠᠢᠭᠰᠠᠨ ᠠᠮᠠᠨ ᠳ᠋ᠤ᠌ ᠲᠤᠰᠤᠨ᠎ᠠ᠃
《ᠬᠠ ᠬᠠ!》 ᠭᠡᠵᠦ ᠠ᠊ Q ᠭᠡᠨᠡᠳᠲᠡ ᠶᠡᠬᠡ ᠳᠠᠭᠤᠨ ᠢ᠋ᠶ᠋ᠠᠷ ᠪᠠᠷᠬᠢᠷᠠᠪᠠ᠃ ᠥᠨᠳᠡᠢᠵᠦ ᠡᠷᠭᠢᠨ ᠲᠣᠭᠣᠷᠢᠨ ᠢ᠋ ᠰᠠᠨᠳᠤᠷᠤᠨ ᠠᠵᠢᠭᠯᠠᠵᠤ ᠦᠵᠡᠭᠡᠳ ᠳᠥᠷᠪᠡᠨ ᠯᠠᠩ ᠤ᠋ᠨ ᠯᠠ ᠨᠢᠳᠦᠨ ᠳ᠋ᠦ᠍ᠨᠢ ᠬᠠᠷᠠᠭᠳᠠᠬᠤᠯᠠᠷ ᠳᠠᠬᠢᠨ ᠬᠡᠪᠲᠡᠭᠡᠳ ᠤᠨᠲᠠᠴᠢᠬᠠᠪᠠ᠃
ᠮᠠᠷᠭᠠᠰᠢ ᠨᠢ ᠲᠡᠷᠡ ᠶᠡᠬᠡ ᠣᠷᠣᠢ ᠪᠣᠰᠪᠠ᠃ ᠭᠤᠳᠤᠮᠵᠢᠨ ᠳ᠋ᠤ᠌ ᠭᠠᠷᠴᠤ ᠦᠵᠡᠬᠦᠯ᠎ᠡ ᠬᠠᠮᠤᠭ ᠶᠠᠭᠤᠮ᠎ᠠ ᠴᠥᠮ ᠬᠡᠪ ᠢ᠋ᠶ᠋ᠡᠷ᠂ ᠭᠡᠳᠡᠰᠦ ᠨᠢ ᠴᠤ᠌ ᠮᠥᠨ ᠥᠯᠥᠰᠦᠭᠰᠡᠭᠡᠷ ᠪᠠᠢᠨ᠎ᠠ᠃ ᠪᠣᠳᠣᠵᠤ ᠦᠵᠡᠭᠰᠡᠨ ᠴᠤ᠌ ᠪᠣᠳᠣᠭᠳᠠᠬᠤ ᠶᠠᠭᠤᠮ᠎ᠠ ᠠᠯᠠᠭ᠎ᠠ᠃ ᠭᠡᠲᠡᠯ᠎ᠡ ᠨᠢᠭᠡ ᠮᠡᠳᠡᠬᠦ ᠳ᠋ᠦ᠍ ᠠᠱ᠌ᠢᠭᠦᠢ ᠰᠠᠢᠨ ᠠᠷᠭ᠎ᠠ ᠣᠯᠤᠭᠰᠠᠨ ᠶᠤᠮ ᠰᠢᠭ᠋ ᠠᠭᠠᠵᠢᠮ ᠢ᠋ᠶ᠋ᠠᠷ ᠠᠯᠬᠤᠭᠰᠠᠭᠠᠷ ᠴᠢᠪᠠᠭᠠᠨᠴᠠ ᠶ᠋ᠢᠨ ᠰᠦᠮ᠎ᠡ ᠳ᠋ᠦ᠍ ᠰᠠᠨᠠᠮᠰᠠᠷ ᠦᠭᠡᠢ ᠬᠦᠷᠴᠦ ᠣᠴᠢᠪᠠ᠃
ᠰᠦᠮ᠎ᠡ ᠳ᠋ᠦ᠍ ᠮᠥᠨ ᠬᠠᠪᠤᠷ ᠤ᠋ᠨ ᠠᠳᠠᠯᠢ ᠨᠠᠮ ᠵᠢᠮᠬᠡᠨ᠂ ᠴᠠᠪ ᠴᠠᠭᠠᠨ ᠬᠡᠷᠡᠮ᠂ ᠬᠠᠪ ᠬᠠᠷ᠎ᠠ ᠬᠠᠭᠠᠯᠭ᠎ᠠ ᠬᠡᠪ ᠢ᠋ᠶ᠋ᠡᠷ ᠪᠠᠢᠯ᠎ᠠ᠃ ᠠ᠊ Q ᠲᠦᠷ ᠪᠣᠳᠣᠰᠬᠢᠵᠦ ᠠᠪᠤᠭᠠᠳ ᠣᠴᠢᠵᠤ ᠡᠭᠦᠳᠡ ᠲᠣᠭᠰᠢᠬᠤᠯᠠ᠂ ᠬᠠᠰᠢᠶᠠᠨ ᠳᠣᠲᠣᠷ᠎ᠠ ᠡᠴᠡ ᠨᠣᠬᠠᠢ ᠬᠤᠴᠠᠵᠤ ᠡᠬᠢᠯᠡᠯ᠎ᠡ᠃ ᠲᠡᠷᠡ ᠰᠠᠨᠳᠤᠷᠴᠤ ᠲᠣᠭᠣᠰᠬ᠎ᠠ ᠶ᠋ᠢᠨ ᠬᠡᠯᠲᠡᠷᠬᠡᠢ ᠬᠡᠳᠦᠨ ᠬᠡᠰᠡᠭ ᠰᠢᠭᠦᠷᠡᠵᠦ ᠠᠪᠤᠭᠠᠳ ᠳᠠᠬᠢᠨ ᠣᠴᠢᠵᠤ ᠪᠠᠬᠠᠨ ᠬᠦᠴᠦᠲᠡᠢ ᠲᠣᠭᠰᠢᠯ᠎ᠠ᠃ ᠬᠠᠷ᠎ᠠ ᠬᠠᠭᠠᠯᠭ᠎ᠠ ᠳᠡᠭᠡᠷ᠎ᠡ ᠨᠡᠯᠢᠶᠡᠳ ᠣᠷᠣ ᠭᠠᠷᠲᠠᠯ᠎ᠠ ᠲᠣᠭᠰᠢᠭᠰᠠᠨ ᠬᠣᠢᠨ᠎ᠠ ᠬᠠᠭᠠᠯᠭ᠎ᠠ ᠨᠡᠭᠡᠭᠡᠬᠦ ᠪᠡᠷ ᠬᠥᠮᠦᠨ ᠭᠠᠷᠴᠤ ᠢᠷᠡᠬᠦ ᠴᠢᠮᠡᠭᠡ ᠰᠣᠨᠣᠰᠳᠠᠪᠠ᠃
ᠠ᠊ Q ᠰᠡᠩᠳᠡ ᠮᠡᠩᠳᠡ ᠲᠣᠭᠣᠰᠬ᠎ᠠ ᠪᠠᠨ ᠬᠦᠴᠦᠯᠡᠨ ᠠᠳᠬᠤᠵᠤ᠂ ᠠᠯᠴᠠᠢᠵᠤ ᠯᠠᠪᠳᠠᠭᠤᠬᠠᠨ ᠵᠣᠭᠰᠣᠭᠠᠳ᠂ ᠬᠠᠷ᠎ᠠ ᠨᠣᠬᠠᠢ ᠲᠠᠢ ᠦᠵᠡᠯᠴᠡᠬᠦ ᠪᠡᠷ ᠪᠡᠯᠡᠳᠬᠡᠯ᠎ᠡ᠃ ᠭᠡᠲᠡᠯ᠎ᠡ ᠰᠦᠮ᠎ᠡ ᠶ᠋ᠢᠨ ᠬᠠᠭᠠᠯᠭ᠎ᠠ ᠨᠠᠷᠢᠬᠠᠨ ᠠᠩᠭᠠᠢᠭᠠᠳ ᠬᠠᠷ᠎ᠠ ᠨᠣᠬᠠᠢ ᠴᠤ᠌ ᠭᠠᠷᠴᠤ ᠢᠷᠡᠭᠰᠡᠨ ᠦᠭᠡᠢ᠂ ᠠᠵᠢᠭᠯᠠᠵᠤ ᠳᠣᠲᠣᠭᠰᠢ ᠨᠢ ᠬᠠᠷᠠᠪᠠᠯ᠂ ᠬᠥᠭᠰᠢᠨ ᠴᠢᠪᠠᠭᠠᠨᠴᠠ ᠭᠠᠭᠴᠠᠭᠠᠷ ᠪᠠᠢᠪᠠ᠃
《ᠴᠢ ᠪᠠᠰᠠ ᠶᠠᠭᠤᠨ ᠳ᠋ᠤ᠌ ᠢᠷᠡᠪᠡ?》 ᠭᠡᠵᠦ ᠬᠥᠭᠰᠢᠨ ᠴᠢᠪᠠᠭᠠᠨᠴᠠ ᠶᠡᠬᠡ ᠯᠡ ᠰᠣᠴᠢᠵᠤ ᠠᠰᠠᠭᠤᠪᠠ᠃ 《ᠬᠤᠪᠢᠰᠬᠠᠯ ᠪᠣᠯᠤᠭᠰᠠᠨ ᠰᠢᠦ ᠁ ᠴᠢ ᠮᠡᠳᠡᠨ᠎ᠡ ᠤᠤ?᠁》 ᠭᠡᠵᠦ ᠠ᠊ Q ᠳᠤᠲᠠᠭᠤ ᠬᠠᠭᠠᠰ ᠬᠡᠯᠡᠪᠡ᠃
《ᠬᠤᠪᠢᠰᠬᠠᠯ ᠬᠤᠪᠢᠰᠬᠠᠯ ᠭᠡᠳ ᠬᠤᠪᠢᠰᠬᠠᠵᠤ ᠥᠩᠭᠡᠷᠡᠭᠰᠡᠨ ᠁ ᠲᠠ ᠨᠠᠷ ᠪᠢᠳᠡᠨ ᠢ᠋ ᠶᠠᠭᠠᠬᠢᠵᠤ ᠬᠤᠪᠢᠰᠬᠠᠬᠤ ᠨᠢ ᠪᠣᠢ?》 ᠭᠡᠵᠦ ᠬᠥᠭᠰᠢᠨ ᠴᠢᠪᠠᠭᠠᠨᠴᠠ ᠬᠣᠶᠠᠷ ᠨᠢᠳᠦ ᠪᠡᠨ ᠴᠢᠰ ᠤᠯᠠᠭᠠᠨ ᠢ᠋ᠶ᠋ᠠᠷ ᠡᠷᠭᠢᠯᠳᠦᠭᠦᠯᠦᠨ ᠬᠡᠯᠡᠪᠡ᠃
《ᠶᠠᠭᠤ? ᠁》 ᠭᠡᠵᠦ ᠠ᠊ Q ᠠᠰᠠᠭᠤᠪᠠ᠃
《ᠴᠢ ᠮᠡᠳᠡᠬᠦ ᠦᠭᠡᠢ ᠪᠠᠢᠨ᠎ᠠ᠂ ᠲᠡᠳᠡ ᠴᠢᠨᠢ ᠢᠷᠡᠭᠡᠳ ᠬᠤᠪᠢᠰᠬᠠᠴᠢᠬᠠᠭᠰᠠᠨ!》
《ᠬᠡᠨ?》 ᠭᠡᠵᠦ ᠠ᠊ Q ᠤᠯᠠᠮ ᠭᠠᠢᠬᠠᠪᠠ᠃
《ᠥᠨᠥ ᠰᠢᠦᠼᠠᠢ᠂ ᠬᠠᠭᠤᠷᠮᠠᠴᠢ ᠬᠠᠷᠢ ᠶ᠋ᠢᠨ ᠴᠢᠳᠬᠥᠷ ᠬᠣᠶᠠᠷ!》
ᠠ᠊ Q ᠶᠢᠨ ᠵᠡᠭᠦᠳᠦᠨ ᠳ᠋ᠦ᠍ ᠴᠤ᠌ ᠪᠠᠢᠭᠰᠠᠨ ᠦᠭᠡᠢ ᠲᠤᠯᠠ ᠰᠣᠨᠣᠰᠤᠭᠠᠳ ᠰᠠᠨᠠᠮᠰᠠᠷ ᠦᠭᠡᠢ ᠰᠣᠴᠢᠨ ᠭᠡᠯᠮᠡᠭᠳᠡᠪᠡ᠃ ᠬᠥᠭᠰᠢᠨ ᠴᠢᠪᠠᠭᠠᠨᠴᠠ ᠠ᠊ Q ᠶᠢᠨ ᠰᠦᠷ ᠪᠠᠭᠤᠷᠠᠭᠰᠠᠨ ᠢ᠋ ᠦᠵᠡᠭᠡᠳ ᠬᠠᠭᠠᠯᠭ᠎ᠠ ᠪᠠᠨ ᠳᠠᠷᠤᠢ ᠬᠠᠭᠠᠵᠤ ᠣᠷᠬᠢᠪᠠ᠃ ᠠ᠊ Q ᠳᠠᠬᠢᠨ ᠲᠦᠯᠬᠢᠲᠡᠯᠡ ᠨᠡᠭᠡᠭᠡᠭᠳᠡᠮᠡᠷ ᠦᠭᠡᠢ ᠪᠠᠲᠤ ᠲᠦᠭᠵᠢᠷᠡᠭᠰᠡᠨ ᠪᠥᠭᠡᠳ ᠳᠠᠬᠢᠵᠤ ᠲᠣᠭᠰᠢᠬᠤᠯᠠ ᠲᠠᠭ ᠳᠤᠭᠤᠢ ᠪᠣᠯᠪᠠ᠃
ᠲᠡᠷᠡ ᠨᠢ ᠦᠳᠡ ᠶ᠋ᠢᠨ ᠡᠮᠦᠨ᠎ᠡ ᠭᠠᠷᠤᠭᠰᠠᠨ ᠬᠡᠷᠡᠭ ᠪᠢᠯᠡ᠃ ᠵᠣᠣ ᠰᠢᠦᠼᠠᠢ ᠰᠤᠷᠠᠭ ᠠᠵᠢᠭ ᠢ᠋ ᠠᠨᠳᠤᠬᠤ ᠦᠭᠡᠢ ᠰᠣᠨᠣᠰᠳᠠᠭ ᠲᠤᠯᠠ ᠬᠤᠪᠢᠰᠬᠠᠯᠲᠤ ᠨᠠᠮ ᠰᠥᠨᠢ ᠬᠣᠲᠠᠨ ᠳ᠋ᠤ᠌ ᠣᠷᠣᠵᠤ ᠢᠷᠡᠭᠰᠡᠨ ᠢ᠋ ᠮᠡᠳᠡᠮᠡᠭᠴᠡ ᠭᠡᠵᠢᠭᠡ ᠪᠡᠨ ᠣᠷᠣᠢ ᠳᠡᠭᠡᠷ᠎ᠡ ᠪᠡᠨ ᠣᠷᠢᠶᠠᠭᠠᠳ ᠬᠠᠷ᠎ᠠ ᠥᠷᠯᠥᠭᠡᠭᠦᠷ ᠥᠨᠥ ᠶᠡᠷᠦ ᠡᠪ ᠲᠠᠭᠠᠷᠠᠬᠤ ᠦᠭᠡᠢ ᠬᠠᠷᠢ ᠶ᠋ᠢᠨ ᠴᠢᠳᠬᠥᠷ ᠲᠦ᠍ ᠪᠠᠷᠠᠯᠬᠠᠬᠤ ᠪᠠᠷ ᠣᠴᠢᠵᠠᠢ᠃ ᠣᠳᠣ 《ᠳᠠᠶᠠᠭᠠᠷ ᠰᠢᠨᠡᠳᠭᠡᠵᠡᠭᠡᠬᠦ》 ᠴᠠᠭ ᠪᠣᠯᠤᠭᠰᠠᠨ ᠲᠤᠯᠠ ᠲᠡᠳᠡᠨ ᠦ᠌ ᠦᠭᠡ ᠲᠠᠭᠠᠷᠠᠵᠤ ᠶᠠᠷᠢᠶ᠎ᠠ ᠨᠡᠢᠯᠡᠭᠡᠳ ᠳᠣᠣᠷ᠎ᠠ ᠪᠠᠨ ᠰᠠᠨᠠᠭ᠎ᠠ ᠰᠡᠳᠬᠢᠯ ᠢ᠋ᠶ᠋ᠡᠨ ᠮᠡᠳᠡᠯᠴᠡᠭᠰᠡᠨ ᠰᠠᠢᠨ ᠨᠥᠬᠥᠷ ᠪᠣᠯᠤᠯᠴᠠᠵᠤ ᠬᠠᠮᠲᠤ ᠶᠠᠪᠤᠵᠤ ᠬᠤᠪᠢᠰᠬᠠᠯ ᠬᠢᠬᠦ ᠪᠡᠷ ᠪᠣᠯᠵᠣᠨ ᠲᠣᠭᠲᠠᠵᠠᠢ᠃ ᠲᠡᠳᠡ ᠪᠣᠳᠣᠭᠰᠠᠨ ᠳᠡᠭᠡᠷ᠎ᠡ ᠪᠣᠳᠣᠭᠰᠠᠭᠠᠷ ᠠᠷᠠᠢ ᠭᠡᠵᠤ ᠴᠢᠪᠠᠭᠠᠨᠴᠠ ᠶ᠋ᠢᠨ ᠰᠦᠮ᠎ᠡ ᠳ᠋ᠦ᠍ ᠨᠢᠭᠡᠨ 《ᠡᠵᠡᠨ ᠪᠣᠭᠳᠠ ᠲᠦᠮᠡᠨ ᠲᠦᠮᠡᠨ ᠨᠠᠰᠤᠯᠠᠲᠤᠭᠠᠢ》 ᠭᠡᠰᠡᠨ ᠦᠰᠦᠭᠲᠡᠢ ᠯᠤᠤᠲᠤ ᠫᠠᠢᠰᠠ ᠪᠠᠢᠳᠠᠭ ᠢ᠋ ᠪᠣᠳᠣᠵᠤ ᠣᠯᠤᠭᠠᠳ ᠮᠥᠨ ᠳᠠᠷᠤᠢ ᠲᠡᠭᠦᠨ ᠢ᠋ ᠬᠤᠪᠢᠰᠬᠠᠵᠤ ᠣᠷᠬᠢᠬᠤ ᠶᠣᠰᠣᠲᠠᠢ ᠭᠡᠵᠡᠢ᠃ ᠢᠩᠭᠢᠭᠡᠳ ᠰᠦᠮ᠎ᠡ ᠳ᠋ᠦ᠍ ᠬᠠᠮᠲᠤ ᠬᠦᠷᠴᠦ ᠣᠴᠢᠭᠠᠳ ᠬᠤᠪᠢᠰᠬᠠᠯ ᠬᠢᠪᠡ᠃ ᠲᠡᠭᠡᠬᠦ ᠳ᠋ᠦ᠍ᠨᠢ ᠬᠥᠭᠰᠢᠨ ᠴᠢᠪᠠᠭᠠᠨᠴᠠ ᠢᠷᠡᠭᠡᠳ ᠬᠠᠰᠢᠵᠤ ᠬᠡᠳᠦᠨ ᠦᠭᠡ ᠬᠡᠯᠡᠭᠰᠡᠨ ᠳ᠋ᠦ᠍᠂ ᠲᠡᠳᠡ ᠬᠥᠭᠰᠢᠨ ᠴᠢᠪᠠᠭᠠᠨᠴᠠ ᠶ᠋ᠢ ᠮᠠᠨᠵᠤ ᠶ᠋ᠢᠨ ᠲᠥᠷᠥ ᠪᠡᠷ ᠦᠵᠡᠵᠦ ᠲᠣᠯᠣᠭᠠᠢ ᠤᠷᠤᠭᠤ ᠨᠢ ᠪᠠᠭ᠎ᠠ ᠦᠭᠡᠢ ᠨᠢᠳᠤᠷᠭᠠᠳᠠᠵᠤ ᠨᠢᠰᠠᠯᠵᠠᠢ᠃ ᠲᠡᠳᠡᠨ ᠢ᠋ ᠶᠠᠪᠤᠭᠤᠯᠤᠭᠠᠳ ᠴᠢᠪᠠᠭᠠᠨᠴᠠ ᠠᠭᠤᠷ ᠢ᠋ᠶ᠋ᠠᠨ ᠳᠠᠷᠤᠭᠳᠠᠭᠰᠠᠨ ᠬᠣᠢᠨ᠎ᠠ ᠣᠴᠢᠵᠤ ᠪᠠᠢᠴᠠᠭᠠᠵᠤ ᠦᠵᠡᠪᠡᠯ᠂ ᠯᠤᠤᠲᠤ ᠫᠠᠢᠰᠠ ᠴᠤ᠌ ᠦᠨᠡᠬᠡᠷ ᠭᠠᠵᠠᠷ ᠤᠨᠠᠵᠤ ᠬᠡᠮᠬᠡᠷᠡᠭᠡᠳ ᠪᠠᠢᠭᠰᠠᠨ ᠪᠥᠭᠡᠳ ᠳ᠋ᠾᠷ᠎ᠠ ᠡᠬᠡ ᠪᠤᠷᠬᠠᠨ ᠤ᠋ ᠡᠮᠦᠨ᠎ᠡ ᠲᠠᠯᠪᠢᠵᠤ ᠪᠠᠢᠭᠰᠠᠨ ᠡᠷᠲᠡᠨ ᠦ᠌ ᠰᠢᠦᠸᠠᠨ ᠳᠧ ᠬᠠᠭᠠᠨ ᠤ᠋ ᠦᠶ᠎ᠡ ᠳ᠋ᠦ᠍ ᠴᠢᠳᠬᠤᠭᠰᠠᠨ ᠱᠠᠩᠯᠤᠤ ᠨᠢ ᠠᠯᠠᠭ᠎ᠠ ᠪᠣᠯᠤᠭᠰᠠᠨ ᠪᠠᠢᠪᠠ᠃
ᠡᠨᠡ ᠶᠠᠪᠤᠳᠠᠯ ᠢ᠋ ᠠ᠊ Q ᠰᠡᠭᠦᠯ ᠳ᠋ᠦ᠍ᠨᠢ ᠣᠯᠵᠤ ᠮᠡᠳᠡᠵᠡᠢ᠃ ᠢᠩᠭᠢᠭᠡᠳ ᠥᠪᠡᠷ ᠦ᠋ᠨ ᠤᠨᠲᠠᠵᠤ ᠬᠣᠴᠣᠷᠤᠭᠰᠠᠨ ᠳ᠋ᠠᠭᠠᠨ ᠮᠠᠰᠢ ᠬᠠᠷᠠᠮᠰᠠᠬᠤ ᠪᠣᠯᠪᠠᠴᠤ᠂ ᠲᠡᠳᠡᠨ ᠦ᠌ ᠢᠷᠡᠵᠦ ᠳᠠᠭᠤᠳᠠᠭᠰᠠᠨ ᠦᠭᠡᠢ ᠳ᠋ᠦ᠍ᠨᠢ ᠮᠥᠨ ᠰᠦᠷᠡᠬᠡᠢ ᠭᠣᠮᠣᠳᠠᠨ᠎ᠠ᠃ ᠲᠡᠷᠡ ᠪᠠᠰᠠ:
《ᠮᠢᠨᠦ ᠬᠤᠪᠢᠰᠬᠠᠯᠲᠤ ᠨᠠᠮ ᠳ᠋ᠤ᠌ ᠪᠠᠭᠤᠵᠤ ᠥᠭᠭᠦᠭᠡᠳ ᠪᠠᠢᠬᠤ ᠶ᠋ᠢ ᠲᠡᠳᠡ ᠪᠠᠰᠠ ᠮᠡᠳᠡᠭᠡᠳᠦᠢ ᠪᠠᠢᠭᠰᠠᠭᠠᠷ ᠶᠤᠮ ᠭᠡᠵᠦ ᠤᠤ?》 ᠭᠡᠵᠦ ᠡᠷᠭᠢᠴᠡᠭᠦᠯᠦᠨ ᠪᠣᠳᠣᠯ᠎ᠠ᠃
ᠸᠧᠢ ᠵᠤᠸᠠᠩ ᠲᠣᠰᠬᠣᠨ ᠤ᠋ ᠤᠯᠤᠰ ᠤ᠋ᠨ ᠰᠡᠳᠬᠢᠯ ᠤᠯᠠᠮ ᠢ᠋ᠶ᠋ᠠᠷ ᠲᠠᠢᠪᠤᠷᠠᠪᠠ᠃ ᠤᠯᠤᠰ ᠤ᠋ᠨ ᠶᠠᠷᠢᠯᠴᠠᠬᠤ ᠪᠠᠷ ᠪᠣᠯ ᠬᠤᠪᠢᠰᠬᠠᠯᠲᠤ ᠨᠠᠮ ᠬᠡᠳᠦᠢᠪᠡᠷ ᠬᠣᠲᠠ ᠳ᠋ᠤ᠌ ᠣᠷᠣᠭᠰᠠᠨ ᠪᠣᠯᠪᠠᠴᠤ᠂ ᠬᠤᠪᠢᠰᠴᠤ ᠥᠭᠡᠷᠡᠲᠦᠭᠰᠡᠨ ᠵᠦᠢᠯ ᠲᠡᠳᠦᠢ ᠯᠡ ᠦᠭᠡᠢ ᠭᠡᠨ᠎ᠡ᠃ ᠰᠢᠶᠠᠨ ᠤ᠋ ᠨᠣᠶᠠᠨ ᠮᠥᠨ ᠬᠠᠭᠤᠴᠢᠨ ᠢ᠋ᠶ᠋ᠠᠷ ᠢ᠋ᠶ᠋ᠠᠨ ᠬᠥᠳᠡᠯᠦᠭᠰᠡᠨ ᠦᠭᠡᠢ᠂ ᠨᠡᠷ᠎ᠡ ᠳᠠᠭᠤᠳᠠᠯᠭ᠎ᠠ ᠶ᠋ᠢ ᠨᠢ ᠬᠠᠯᠠᠭᠰᠠᠨ ᠲᠡᠳᠦᠢ ᠪᠥᠭᠡᠳ ᠡᠷᠭᠦᠭᠰᠡᠳ ᠪᠠᠰᠠ ᠶᠠᠮᠠᠷ ᠨᠢᠭᠡᠨ ᠨᠣᠶᠠᠨ ᠪᠣᠯᠤᠭᠰᠠᠨ ᠭᠡᠨ᠎ᠡ - ᠡᠳᠡᠭᠡᠷ ᠨᠡᠷᠡᠰ ᠢ᠋ ᠸᠧᠢ ᠵᠤᠸᠠᠩ ᠤ᠋ᠨ ᠬᠥᠮᠦᠰ ᠴᠥᠮ ᠲᠣᠳᠣᠷᠬᠠᠢ ᠬᠡᠯᠡᠵᠦ ᠭᠠᠷᠬᠤ ᠦᠭᠡᠢ ᠶᠦᠮ᠃ ᠴᠡᠷᠢᠭ ᠵᠠᠬᠢᠷᠤᠭᠴᠢ ᠨᠢ ᠪᠠᠰᠠ ᠯᠠ ᠤᠷᠢᠳ ᠤ᠋ᠨ ᠥᠨᠥ ᠠᠩᠭᠢ ᠶ᠋ᠢᠨ ᠳᠠᠷᠤᠭ᠎ᠠ ᠪᠠᠢᠪᠠ᠃ ᠭᠠᠭᠴᠠᠬᠠᠨ ᠠᠶᠤᠮᠰᠢᠭᠲᠠᠢ ᠨᠢᠭᠡ ᠬᠡᠷᠡᠭ ᠭᠡᠪᠡᠯ᠂ ᠬᠤᠪᠢᠰᠬᠠᠯᠲᠤ ᠨᠠᠮ ᠳ᠋ᠤ᠌ ᠬᠡᠳᠦᠨ ᠦᠯᠦ ᠪᠦᠲᠦᠬᠦ ᠠᠮᠢᠲᠠᠨ ᠬᠤᠳᠬᠤᠯᠳᠤᠨ ᠣᠷᠣᠵᠤ ᠰᠠᠮᠠᠭᠤᠷᠠᠭᠤᠯᠤᠭᠰᠠᠨ ᠠ᠋ᠴᠠ᠂ ᠳᠠᠷᠠᠭ᠎ᠠ ᠡᠳᠦᠷ ᠡᠴᠡ ᠨᠢ ᠡᠬᠢᠯᠡᠵᠦ ᠭᠡᠵᠢᠭᠡ ᠬᠠᠢᠴᠢᠯᠠᠬᠤ ᠪᠣᠯᠤᠭᠰᠠᠨ ᠪᠥᠭᠡᠳ ᠵᠡᠷᠭᠡᠯᠡᠳᠡᠭᠡ ᠲᠣᠰᠬᠣᠨ ᠤ᠋ ᠣᠩᠭᠣᠴᠠ ᠰᠡᠯᠢᠭᠴᠢ ᠳᠣᠯᠣᠭᠠᠲᠠᠢ ᠳ᠋ᠤ᠌ ᠡᠨᠡ ᠭᠠᠢ ᠨᠢ ᠲᠠᠭᠠᠷᠠᠭᠠᠳ ᠭᠡᠵᠢᠭᠡ ᠪᠡᠨ ᠬᠠᠢᠴᠢᠯᠠᠭᠳᠠᠭᠠᠳ ᠬᠥᠮᠦᠨ ᠦ᠌ ᠰᠢᠨᠵᠢ ᠦᠭᠡᠢ ᠪᠣᠯᠤᠭᠰᠠᠨ ᠶᠤᠮ ᠭᠡᠨ᠎ᠡ ᠪᠢᠯᠡ᠃ ᠭᠡᠪᠡᠴᠦ ᠸᠧᠢ ᠵᠤᠸᠠᠩ ᠤ᠋ᠨ ᠬᠥᠮᠦᠰ ᠤᠤᠯ ᠠ᠋ᠴᠠ ᠬᠣᠲᠠ ᠣᠯᠠᠨ ᠣᠷᠣᠳᠠᠭ ᠦᠭᠡᠢ ᠪᠠᠢᠭᠰᠠᠨ ᠪᠥᠭᠡᠳ ᠬᠠᠶᠠ ᠨᠢᠭᠡ ᠬᠣᠲᠠ ᠳ᠋ᠤ᠌ ᠣᠷᠣᠶ᠎ᠠ ᠭᠡᠰᠡᠨ ᠬᠥᠮᠦᠰ ᠪᠠᠢᠭᠰᠠᠨ ᠴᠤ᠌ ᠮᠥᠨ ᠲᠡᠷᠡ ᠳᠠᠷᠤᠢ ᠠᠷᠭ᠎ᠠ ᠤᠬᠠᠭᠠᠨ ᠢ᠋ᠶ᠋ᠠᠨ ᠣᠯᠵᠤ ᠡᠨᠡ ᠠᠶᠤᠯ ᠠ᠋ᠴᠠ ᠮᠤᠯᠲᠤᠷᠠᠵᠤ ᠪᠠᠢᠭᠰᠠᠨ ᠲᠤᠯᠠ ᠡᠨᠡ ᠨᠢ ᠲᠡᠳᠦᠢ ᠯᠡ ᠶᠡᠬᠡ ᠠᠶᠤᠯ ᠪᠣᠯᠤᠭᠰᠠᠨ ᠦᠭᠡᠢ᠃ ᠠ᠊ Q ᠤᠤᠯ ᠨᠢ ᠪᠠᠰᠠ ᠬᠠᠭᠤᠴᠢᠨ ᠲᠠᠨᠢᠯ ᠢ᠋ᠶ᠋ᠠᠨ ᠡᠷᠢᠬᠦ ᠪᠡᠷ ᠬᠣᠲᠠ ᠳ᠋ᠤ᠌ ᠣᠷᠣᠬᠤ ᠰᠠᠨᠠᠭ᠎ᠠ ᠲᠠᠢ ᠪᠠᠢᠭᠰᠠᠨ ᠪᠣᠯᠪᠠᠴᠤ ᠡᠨᠡ ᠴᠢᠮᠡᠭᠡ ᠶ᠋ᠢ ᠰᠣᠨᠣᠰᠤᠭᠠᠳ ᠠᠷᠭ᠎ᠠ ᠦᠭᠡᠢ ᠪᠣᠯᠢᠵᠠᠢ᠃
ᠭᠡᠪᠡᠴᠦ ᠸᠧᠢ ᠵᠤᠸᠠᠩ ᠳ᠋ᠤ᠌ ᠨᠢᠭᠡ ᠴᠤ᠌ ᠥᠭᠡᠷᠡᠴᠢᠯᠡᠯᠲᠡ ᠭᠠᠷᠤᠭᠰᠠᠨ ᠦᠭᠡᠢ ᠭᠡᠵᠦ ᠪᠣᠳᠣᠬᠤ ᠦᠭᠡᠢ ᠶᠦᠮ᠃ ᠬᠡᠳᠦ ᠬᠣᠨᠣᠭᠰᠠᠨ ᠤ᠋ ᠳᠠᠷᠠᠭ᠎ᠠ ᠭᠡᠵᠢᠭᠡ ᠪᠡᠨ ᠣᠷᠣᠢ ᠳᠡᠭᠡᠷ᠎ᠡ ᠪᠡᠨ ᠣᠷᠢᠶᠠᠭᠰᠠᠳ ᠤᠯᠠᠮ ᠢ᠋ᠶ᠋ᠠᠷ ᠣᠯᠠᠰᠢᠷᠠᠪᠠ᠃ ᠳᠡᠭᠡᠷ᠎ᠡ ᠬᠡᠯᠡᠵᠦ ᠥᠩᠭᠡᠷᠡᠭᠰᠡᠨ ᠮᠡᠲᠦ ᠪᠡᠷ ᠡᠩ ᠲᠡᠷᠢᠭᠦᠨ ᠳ᠋ᠦ᠍ ᠶᠠᠷᠢᠶᠠᠨ ᠦᠭᠡᠢ ᠮᠠᠤᠼᠠᠢ ᠠᠪᠤᠭᠠᠢ᠂ ᠲᠡᠭᠦᠨ ᠦ᠌ ᠳᠠᠷᠠᠭ᠎ᠠ ᠵᠣᠣ ᠰᠧ ᠴᠧᠨ᠂ ᠵᠤᠤ ᠪᠠᠢ ᠶᠠᠨ ᠬᠣᠶᠠᠷ᠂ ᠰᠡᠭᠦᠯᠡᠷ ᠨᠢ ᠠ᠊ Q ᠪᠠᠢᠵᠠᠢ᠃ ᠵᠤᠨ ᠤ᠋ ᠴᠠᠭ ᠪᠠᠢᠭᠰᠠᠨ ᠪᠣᠯ ᠪᠦᠭᠦᠳᠡᠭᠡᠷ ᠭᠡᠵᠢᠭᠡ ᠪᠡᠨ ᠣᠷᠣᠢ ᠳᠡᠭᠡᠷ᠎ᠡ ᠪᠡᠨ ᠣᠷᠢᠶᠠᠬᠤ ᠪᠤᠶᠤ ᠵᠠᠩᠭᠢᠳᠴᠤ ᠣᠷᠬᠢᠬᠤ ᠨᠢ ᠲᠡᠳᠦᠢ ᠯᠡ ᠭᠠᠢᠬᠠᠯᠲᠠᠢ ᠬᠡᠷᠡᠭ ᠪᠢᠰᠢ ᠶᠦᠮ᠂ ᠭᠡᠲᠡᠯ᠎ᠡ ᠣᠳᠣ ᠪᠣᠯ ᠨᠠᠮᠤᠷ ᠤ᠋ᠨ ᠰᠡᠭᠦᠯ ᠪᠣᠯᠬᠤ ᠲᠤᠯᠠ ᠢᠩᠭᠢᠵᠦ 《ᠨᠠᠮᠤᠷ ᠴᠠᠭ ᠲᠤ᠌ ᠵᠤᠨ ᠤ᠋ ᠶᠠᠩᠵᠤ ᠪᠠᠷ ᠠᠭᠠᠰᠢᠯᠠᠬᠤ》ᠨᠢ᠂ ᠭᠡᠵᠢᠭᠡ ᠪᠡᠨ ᠣᠷᠢᠶᠠᠭᠴᠢᠳ ᠲᠤ᠌ ᠪᠣᠯ ᠴᠠᠭᠯᠠᠰᠢ ᠦᠭᠡᠢ ᠮᠡᠷᠭᠡᠨ ᠠᠷᠭ᠎ᠠ ᠪᠣᠯᠬᠤ ᠨᠢ ᠡᠷᠡᠭᠡᠯᠵᠡᠭᠡ ᠦᠭᠡᠢ ᠪᠥᠭᠡᠳ ᠸᠧᠢ ᠵᠤᠸᠠᠩ ᠲᠣᠰᠬᠣᠨ ᠳ᠋ᠤ᠌ ᠡᠭᠦᠨ ᠢ᠋ ᠥᠭᠡᠷᠡᠴᠢᠯᠡᠯᠲᠡ ᠲᠡᠢ ᠶᠠᠭ ᠬᠣᠯᠪᠣᠭ᠎ᠠ ᠦᠭᠡᠢ ᠭᠡᠬᠦ ᠶ᠋ᠢᠨ ᠠᠷᠭ᠎ᠠ ᠦᠭᠡᠢ ᠶᠦᠮ᠃
ᠵᠣᠣ ᠰᠧ ᠴᠧᠨ ᠦ᠌ ᠰᠢᠯᠢᠨ ᠬᠦᠵᠦᠭᠦᠦ ᠪᠡᠨ ᠣᠩᠭᠣᠯᠵᠠᠭᠤᠯᠤᠨ ᠶᠠᠪᠤᠬᠤ ᠶ᠋ᠢ ᠦᠵᠡᠭᠰᠡᠨ ᠬᠥᠮᠦᠨ ᠴᠥᠮ ᠶᠡᠬᠡ ᠳᠠᠭᠤᠨ ᠢ᠋ᠶ᠋ᠠᠷ:
《ᠬᠦᠢ᠂ ᠬᠤᠪᠢᠰᠬᠠᠯᠲᠤ ᠨᠠᠮ ᠬᠦᠷᠦᠭᠡᠳ ᠢᠷᠡᠯ᠎ᠡ!》 ᠭᠡᠯᠴᠡᠨ᠎ᠡ᠃
ᠠ᠊ Q ᠰᠣᠨᠣᠰᠤᠭᠠᠳ ᠲᠤᠩ ᠪᠠᠬᠠᠷᠬᠠᠨ᠎ᠠ᠃ ᠰᠢᠦᠼᠠᠢ ᠭᠡᠵᠢᠭᠡ ᠪᠡᠨ ᠣᠷᠢᠶᠠᠭᠰᠠᠨ ᠲᠤᠬᠠᠢ ᠶᠡᠬᠡ ᠰᠣᠨᠢᠨ ᠢ᠋ ᠲᠡᠷᠡ ᠬᠡᠳᠦᠢᠨ ᠣᠯᠵᠤ ᠰᠣᠨᠣᠰᠤᠭᠰᠠᠨ ᠪᠣᠯᠪᠠᠴᠤ ᠪᠡᠶ᠎ᠡ ᠪᠡᠨ ᠪᠠᠰᠠ ᠢᠩᠭᠢᠵᠦ ᠪᠣᠯᠤᠨ᠎ᠠ ᠭᠡᠵᠦ ᠶᠡᠷᠦ ᠰᠠᠨᠠᠭᠰᠠᠨ ᠦᠭᠡᠢ ᠪᠢᠯᠡ᠃ ᠣᠳᠣ ᠵᠣᠣ ᠰᠧ ᠴᠧᠨ ᠪᠠᠰᠠ ᠢᠩᠭᠢᠭᠰᠡᠨ ᠢ᠋ ᠣᠯᠵᠤ ᠦᠵᠡᠭᠡᠳ ᠡᠢᠨ ᠬᠦ ᠳᠠᠭᠠᠵᠤ ᠬᠢᠬᠦ ᠰᠠᠨᠠᠭ᠎ᠠ ᠲᠥᠷᠥᠵᠦ ᠪᠦᠷ ᠵᠣᠷᠢᠭ ᠰᠢᠭᠤᠳᠪᠠ᠃ ᠢᠩᠭᠢᠭᠡᠳ ᠨᠢᠭᠡᠨ ᠬᠤᠯᠤᠰᠤᠨ ᠰᠠᠪᠬ᠎ᠠ ᠪᠠᠷ ᠭᠡᠵᠢᠭᠡ ᠪᠡᠨ ᠣᠷᠣᠢ ᠳᠡᠭᠡᠷ᠎ᠡ ᠪᠡᠨ ᠪᠠᠷᠢᠵᠤ ᠣᠷᠢᠶᠠᠭᠠᠳ᠂ ᠤᠳᠠᠲᠠᠯ᠎ᠠ ᠲᠦᠳᠡᠭᠡᠯᠵᠡᠨ ᠪᠠᠢᠵᠤ ᠵᠢᠷᠦᠬᠡ ᠭᠠᠷᠭᠠᠨ ᠭᠠᠷᠴᠤ ᠶᠠᠪᠤᠪᠠ᠃
ᠠ᠊ Q ᠵᠡᠭᠡᠯᠢ ᠪᠡᠷ ᠶᠠᠪᠤᠪᠠ᠃ ᠬᠥᠮᠦᠨ ᠲᠡᠭᠦᠨ ᠢ᠋ ᠬᠠᠷᠠᠭᠰᠠᠨ ᠪᠣᠯᠪᠠᠴᠤ ᠶᠠᠭᠤᠮ᠎ᠠ ᠳᠤᠤᠭᠠᠷᠬᠤ ᠦᠭᠡᠢ ᠲᠤᠯᠠ ᠠ᠊ Q ᠡᠬᠢᠯᠡᠭᠡᠳ ᠪᠠᠬᠠᠨ ᠪᠠᠶᠠᠷ ᠦᠭᠡᠢ ᠪᠠᠢᠭᠰᠠᠨ ᠢ᠋ᠶ᠋ᠠᠨ ᠰᠡᠭᠦᠯᠡᠷ ᠨᠢ ᠪᠦᠷ ᠳᠤᠷ᠎ᠠ ᠦᠭᠡᠢᠴᠡᠪᠡ᠃ ᠲᠡᠷᠡ ᠣᠢᠷ᠎ᠠ ᠡᠴᠡ ᠲᠤᠩ ᠠᠮᠠᠷᠬᠠᠨ ᠠᠭᠤᠷᠯᠠᠵᠤ ᠪᠤᠬᠢᠨᠢᠳᠤᠳᠠᠭ ᠪᠣᠯᠵᠠᠢ᠃ ᠦᠨᠡᠨ ᠳ᠋ᠡᠭᠡᠨ ᠲᠡᠭᠦᠨ ᠦ᠌ ᠠᠮᠢᠳᠤᠷᠠᠯ ᠴᠤ᠌ ᠤᠷᠪᠠᠬᠤ ᠠ᠋ᠴᠠ ᠡᠮᠦᠨᠡᠬᠢ ᠰᠢᠭ ᠲᠦᠪᠡᠭ ᠭᠠᠴᠢᠭᠳᠠᠯ ᠦᠭᠡᠢ᠂ ᠠᠭᠤᠯᠵᠠᠭᠰᠠᠨ ᠬᠥᠮᠦᠨ ᠴᠤ᠌ ᠲᠡᠭᠦᠨ ᠳ᠋ᠦ᠍ ᠡᠶᠡᠯᠳᠡᠭ᠂ ᠫᠦᠰᠡ ᠮᠠᠢᠮᠠᠢ ᠴᠤ᠌ ᠪᠡᠯᠡᠨ ᠮᠥᠩᠭᠥ ᠠᠪᠤᠨ᠎ᠠ ᠭᠡᠬᠦ ᠦᠭᠡᠢ ᠪᠣᠯᠤᠭᠰᠠᠨ ᠶᠤᠮ᠃ ᠭᠡᠲᠡᠯ᠎ᠡ ᠠ᠊ Q ᠥᠪᠡᠷ ᠢ᠋ ᠪᠡᠨ ᠳᠠᠩᠴᠢ ᠰᠠᠨᠠᠭᠠᠨ ᠳ᠋ᠠᠭᠠᠨ ᠬᠦᠷᠦᠭᠰᠡᠨ ᠦᠭᠡᠢ᠂ ᠨᠢᠭᠡᠨᠲᠡᠶ᠎ᠡ ᠬᠤᠪᠢᠰᠬᠠᠯ ᠬᠢᠭᠡᠳ ᠪᠠᠢᠲᠠᠯ᠎ᠠ ᠡᠢᠮᠦᠬᠡᠨ ᠪᠠᠢᠬᠤ ᠶᠣᠰᠣ ᠦᠭᠡᠢ ᠭᠡᠵᠦ ᠪᠣᠳᠣᠳᠠᠭ ᠪᠠᠢᠯ᠎ᠠ᠃ ᠢᠯᠠᠩᠭᠤᠶ᠎ᠠ ᠵᠢᠭᠠᠯ D ᠶᠢ ᠨᠢᠭᠡ ᠤᠳᠠᠭ᠎ᠠ ᠣᠯᠵᠤ ᠦᠵᠡᠭᠡᠳ ᠭᠡᠳᠡᠰᠦ ᠪᠡᠨ ᠬᠠᠭᠠᠷᠠᠲᠠᠯ᠎ᠠ ᠠᠭᠤᠷᠯᠠᠪᠠ᠃
ᠵᠢᠭᠠᠯ D ᠴᠤ᠌ ᠭᠡᠵᠢᠭᠡ ᠪᠡᠨ ᠣᠷᠣᠢ ᠳᠡᠭᠡᠷ᠎ᠡ ᠪᠡᠨ ᠣᠷᠢᠶᠠᠴᠢᠬᠠᠵᠠᠢ᠃ ᠲᠡᠷᠡ ᠪᠠᠰᠠ ᠨᠢᠭᠡᠨ ᠬᠤᠯᠤᠰᠤᠨ ᠰᠠᠪᠬ᠎ᠠ ᠬᠡᠷᠡᠭᠯᠡᠭᠰᠡᠨ ᠪᠠᠢᠪᠠ᠃ ᠡᠨᠡ ᠮᠠᠭᠤ ᠪᠠᠰᠠ ᠢᠩᠭᠢᠨ᠎ᠡ ᠭᠡᠵᠦ ᠠ᠊ Q ᠶᠢᠨ ᠵᠡᠭᠦᠳᠦᠨ ᠳ᠋ᠦ᠍ ᠴᠤ᠌ ᠣᠷᠣᠭᠰᠠᠨ ᠦᠭᠡᠢ᠂ ᠢᠩᠭᠢᠬᠦ ᠶ᠋ᠢ ᠨᠢ ᠴᠤ᠌ ᠣᠭᠲᠣ ᠵᠥᠪᠰᠢᠶᠡᠷᠡᠵᠦ ᠪᠣᠯᠬᠤ ᠦᠭᠡᠢ ᠶᠦᠮ! ᠲᠡᠷᠡ ᠮᠠᠭᠤ ᠵᠢᠭᠠᠯ D ᠶᠠᠭᠤ ᠶᠤᠮ ᠪᠣᠢ? ᠲᠡᠷᠡ ᠳᠣᠣᠷ᠎ᠠ ᠨᠢ ᠪᠠᠷᠢᠵᠤ ᠠᠪᠤᠭᠠᠳ ᠬᠤᠯᠤᠰᠤᠨ ᠰᠠᠪᠬ᠎ᠠ ᠶ᠋ᠢ ᠨᠢ ᠬᠤᠭᠤ ᠲᠠᠲᠠᠵᠤ᠂ ᠭᠡᠵᠢᠭᠡ ᠶ᠋ᠢ ᠨᠢ ᠪᠠᠭᠤᠯᠭᠠᠵᠤ ᠬᠠᠶᠠᠭᠠᠳ᠂ ᠬᠠᠴᠠᠷ ᠢ᠋ ᠨᠢ ᠬᠡᠳᠦ ᠰᠠᠢᠨ ᠠᠯᠠᠭᠠᠳᠠᠵᠤ᠂ ᠨᠡᠷ᠎ᠡ ᠨᠠᠰᠤ ᠪᠠᠨ ᠮᠠᠷᠲᠠᠵᠤ ᠠᠶᠤᠮᠰᠢᠭ ᠦᠭᠡᠢ ᠬᠤᠪᠢᠰᠬᠠᠯᠲᠤ ᠨᠠᠮ ᠪᠣᠯᠤᠭᠰᠠᠨ ᠳ᠋ᠤᠨᠢ ᠵᠢᠭᠠᠬᠠᠨ ᠰᠢᠳᠬᠡᠯ ᠦᠵᠡᠭᠦᠯᠬᠦ ᠭᠡᠵᠦ ᠲᠡᠷᠡ ᠶᠡᠬᠡ ᠰᠠᠨᠠᠵᠤ ᠪᠢᠯᠡ᠃ ᠭᠡᠪᠡᠴᠦ ᠲᠡᠷᠡ ᠡᠴᠦᠰ ᠲᠦ᠍ ᠥᠷᠥᠰᠢᠶᠡᠯ ᠦᠵᠡᠭᠦᠯᠵᠦ ᠵᠥᠪᠬᠡᠨ ᠬᠢᠯᠢᠩᠲᠦ ᠨᠢᠳᠦ ᠪᠡᠷ ᠭᠢᠯᠦᠢᠵᠦ: 《ᠲᠦᠢ!》 ᠭᠡᠵᠦ ᠨᠢᠯᠪᠤᠭᠠᠳ ᠯᠠ ᠵᠣᠭᠰᠣᠵᠠᠢ᠃
ᠡᠨᠡ ᠬᠡᠳᠦᠨ ᠡᠳᠦᠷ᠂ ᠭᠠᠭᠴᠠᠬᠠᠨ ᠬᠠᠭᠤᠷᠮᠠᠴᠢ ᠬᠠᠷᠢ ᠶ᠋ᠢᠨ ᠴᠢᠳᠬᠥᠷ ᠯᠡ ᠬᠣᠲᠠ ᠳ᠋ᠤ᠌ ᠣᠷᠣᠵᠠᠢ᠃ ᠵᠣᠣ ᠰᠢᠦᠼᠠᠢ ᠤᠤᠯ ᠨᠢ ᠪᠠᠰᠠ ᠠᠪᠳᠠᠷ᠎ᠠ ᠬᠠᠳᠠᠭᠠᠯᠠᠵᠤ ᠥᠭᠭᠦᠭᠰᠡᠨ ᠨᠢᠭᠤᠷ ᠢ᠋ᠶ᠋ᠠᠷ ᠢ᠋ᠶ᠋ᠠᠨ ᠡᠷᠭᠦᠭᠰᠡᠳ ᠲᠦ᠍ ᠪᠡᠶ᠎ᠡ ᠪᠡᠷ ᠪᠠᠷᠠᠳᠠᠬᠤ ᠪᠠᠷ ᠣᠴᠢᠬᠤ ᠭᠡᠰᠡᠨ ᠪᠣᠯᠪᠠᠴᠤ ᠭᠡᠵᠢᠭᠡ ᠬᠠᠢᠴᠢᠯᠠᠬᠤ ᠠᠶᠤᠯ ᠪᠣᠢ ᠭᠡᠵᠦ ᠰᠣᠨᠣᠰᠤᠭᠠᠳ ᠵᠣᠭᠰᠣᠵᠠᠢ᠃ ᠲᠡᠷᠡ᠂ 《ᠰᠢᠷ᠎ᠠ ᠰᠢᠭᠦᠷ ᠦ᠋ᠨ ᠬᠡᠯᠪᠡᠷᠢᠲᠦ》 ᠵᠠᠬᠢᠳᠠᠯ ᠨᠢᠭᠡ ᠶ᠋ᠢ ᠪᠢᠴᠢᠵᠦ ᠬᠠᠭᠤᠷᠮᠠᠴᠢ ᠬᠠᠷᠢ ᠶ᠋ᠢᠨ ᠴᠢᠳᠬᠥᠷ ᠢ᠋ᠶ᠋ᠡᠷ ᠬᠣᠲᠠᠨ ᠳ᠋ᠤ᠌ ᠢᠯᠡᠭᠡᠭᠡᠳ ᠪᠠᠰᠠ ᠽᠢ ᠢᠦ ᠳ᠋ᠠᠩ ᠨᠠᠮ ᠳ᠋ᠤ᠌ ᠪᠡᠶ᠎ᠡ ᠪᠡᠨ ᠡᠯᠰᠡᠭᠦᠯᠬᠦ ᠪᠡᠷ ᠲᠠᠨᠢᠯᠴᠠᠭᠤᠯᠵᠤ ᠥᠭᠬᠦ ᠶ᠋ᠢ ᠲᠡᠭᠦᠨ ᠳ᠋ᠦ᠍ ᠨᠠᠢᠳᠠᠭᠰᠠᠨ ᠠᠵᠢ᠃ ᠬᠠᠭᠤᠷᠮᠠᠴᠢ ᠬᠠᠷᠢ ᠶ᠋ᠢᠨ ᠴᠢᠳᠬᠥᠷ ᠬᠠᠷᠢᠵᠤ ᠢᠷᠡᠭᠡᠳ᠂ ᠰᠢᠦᠼᠠᠢ ᠠ᠋ᠴᠠ ᠳᠥᠷᠪᠡᠨ ᠮᠥᠩᠭᠥᠨ ᠲᠥᠭᠥᠷᠢᠭ ᠠᠪᠤᠭᠠᠳ ᠨᠢᠭᠡ ᠮᠥᠩᠭᠥᠨ ᠲᠣᠭᠣᠷ ᠥᠭᠭᠦᠭᠰᠡᠨ ᠢ᠋ ᠰᠢᠦᠼᠠᠢ ᠠᠪᠴᠤ ᠡᠩᠭᠡᠷ ᠳᠡᠭᠡᠷ᠎ᠡ ᠪᠡᠨ ᠵᠡᠭᠦᠪᠡ᠃ ᠡᠭᠦᠨ ᠳ᠋ᠦ᠍ᠨᠢ ᠸᠧᠢ ᠵᠤᠸᠠᠩ ᠤ᠋ᠨ ᠬᠥᠮᠦᠰ ᠴᠥᠮ ᠭᠠᠢᠬᠠᠨ ᠪᠢᠰᠢᠷᠡᠵᠦ ᠡᠨᠡ ᠪᠣᠯ ᠽᠢ ᠢᠦ ᠳ᠋ᠠᠩ ᠨᠠᠮ ᠤ᠋ᠨ ᠵᠢᠩᠰᠡ ᠶᠦᠮ᠂ ᠪᠢᠴᠢᠭ ᠦ᠋ᠨ ᠲᠦᠰᠢᠮᠡᠯ ᠲᠡᠢ ᠲᠡᠩᠴᠡᠨ᠎ᠡ ᠭᠡᠵᠡᠭᠡᠨ᠎ᠡ᠃ ᠵᠣᠣ ᠲᠠᠢᠶᠧ ᠴᠤ᠌ ᠡᠭᠦᠨ ᠦ᠌ ᠤᠯᠠᠮ ᠠ᠋ᠴᠠ ᠪᠦᠷ ᠶᠡᠬᠡ ᠶᠠᠩᠪᠠᠷᠬᠠᠵᠤ᠂ ᠬᠦᠦ ᠶ᠋ᠢᠨ ᠢ᠋ᠶ᠋ᠡᠨ ᠠᠩᠬ᠎ᠠ ᠰᠢᠦᠼᠠᠢ ᠪᠣᠯᠬᠤ ᠦᠶ᠎ᠡ ᠡᠴᠡ ᠬᠣᠯᠠ ᠳᠠᠪᠠᠵᠠᠢ᠃ ᠢᠩᠭᠢᠭᠡᠳ ᠪᠦᠷ ᠨᠢᠳᠦᠨ ᠳ᠋ᠦ᠍ᠨᠢ ᠬᠠᠷᠠᠭᠳᠠᠬᠤ ᠬᠥᠮᠦᠨ ᠦᠭᠡᠢ ᠪᠣᠯᠤᠭᠰᠠᠨ ᠲᠤᠯᠠ ᠠ᠊ Q ᠶᠢ ᠪᠦᠷ ᠴᠤ᠌ ᠣᠯᠵᠤ ᠬᠠᠷᠠᠬᠤ ᠦᠭᠡᠢ ᠪᠣᠯᠤᠯ᠎ᠠ᠃
ᠠ᠊ Q ᠶᠠᠭ ᠲᠠᠭᠠᠯᠠᠮᠵᠢ ᠦᠭᠡᠢ ᠪᠠᠢᠭᠰᠠᠨ ᠳᠡᠭᠡᠷ᠎ᠡ ᠪᠠᠰᠠ ᠦᠷᠭᠦᠯᠵᠢ ᠤᠢᠳᠬᠠᠷᠯᠠᠵᠤ ᠪᠠᠢᠭᠰᠠᠨ ᠲᠤᠯᠠ ᠡᠨᠡ ᠮᠥᠩᠭᠥᠨ ᠲᠣᠭᠣᠷ ᠤ᠋ᠨ ᠲᠤᠬᠠᠢ ᠶᠠᠷᠢᠶ᠎ᠠ ᠶ᠋ᠢ ᠰᠣᠨᠣᠰᠤᠮᠠᠭᠴᠠ ᠬᠤᠪᠢᠰᠬᠠᠯ ᠬᠢᠶ᠎ᠡ ᠭᠡᠪᠡᠯ ᠵᠥᠪᠬᠡᠨ ᠪᠠᠭᠤᠵᠤ ᠥᠭᠭᠦᠨ᠎ᠡ ᠭᠡᠵᠦ ᠬᠡᠯᠡᠭᠡᠳ ᠪᠣᠯᠬᠤ ᠦᠭᠡᠢ᠂ ᠭᠡᠵᠢᠭᠡ ᠪᠡᠨ ᠣᠷᠢᠶᠠᠭᠠᠳ ᠪᠠᠰᠠ ᠪᠣᠯᠬᠤ ᠦᠭᠡᠢ᠂ ᠶᠠᠭᠤᠨ ᠤ᠋ ᠡᠮᠦᠨ᠎ᠡ ᠬᠤᠪᠢᠰᠬᠠᠯᠲᠤ ᠨᠠᠮ ᠤ᠋ᠨ ᠬᠢᠨ ᠲᠡᠢ ᠠᠭᠤᠯᠵᠠᠵᠤ ᠲᠠᠨᠢᠯᠴᠠᠬᠤ ᠨᠢ ᠴᠢᠬᠤᠯᠠ ᠶᠤᠮ ᠪᠠᠢᠨ᠎ᠠ ᠭᠡᠵᠦ ᠥᠪᠡᠷ ᠦ᠋ᠨ ᠤᠢᠳᠬᠠᠷᠲᠠᠢ ᠪᠠᠢᠭᠰᠠᠨ ᠤ᠋ ᠴᠤ᠌ᠬᠣᠮ ᠰᠢᠯᠲᠠᠭᠠᠨ ᠢ᠋ ᠲᠡᠷᠡ ᠳᠠᠷᠤᠢ ᠣᠯᠵᠤ ᠮᠡᠳᠡᠪᠡ᠃ ᠲᠡᠭᠦᠨ ᠦ᠌ ᠨᠠᠰᠤᠨ ᠳ᠋ᠠᠭᠠᠨ ᠣᠯᠵᠤ ᠮᠡᠳᠡᠭᠰᠡᠨ ᠬᠤᠪᠢᠰᠬᠠᠯᠲᠤ ᠨᠠᠮ ᠤ᠋ᠨ ᠬᠢᠨ ᠭᠡᠪᠡᠯ ᠬᠣᠶᠠᠷᠬᠠᠨ ᠬᠥᠮᠦᠨ ᠪᠣᠢ᠃ ᠬᠣᠲᠠ ᠳ᠋ᠤ᠌ ᠪᠠᠢᠭᠰᠠᠨ ᠨᠢᠭᠡ ᠶ᠋ᠢ ᠨᠢ ᠠᠯᠢ ᠬᠡᠳᠦᠢᠨ 《ᠴᠠ》 ᠬᠢᠵᠦ ᠣᠷᠬᠢᠭᠰᠠᠨ ᠪᠥᠭᠡᠳ ᠣᠳᠣ ᠭᠠᠭᠴᠠᠬᠠᠨ ᠬᠠᠭᠤᠷᠮᠠᠴᠢ ᠬᠠᠷᠢ ᠶ᠋ᠢᠨ ᠴᠢᠳᠬᠥᠷ ᠲᠡᠢ ᠵᠥᠪᠳᠡᠬᠦ ᠡᠴᠡ ᠥᠭᠡᠷ᠎ᠡ ᠵᠠᠮ ᠦᠭᠡᠢ ᠪᠣᠯᠵᠠᠢ᠃ ᠴᠢᠶᠠᠨ ᠣᠪᠣᠭᠲᠠᠨ ᠤ᠋ ᠭᠠᠳᠠᠷ ᠬᠠᠭᠠᠯᠭ᠎ᠠ ᠨᠡᠭᠡᠭᠡᠯᠲᠡ ᠲᠡᠢ ᠪᠠᠢᠨ᠎ᠠ᠃ ᠠ᠊ Q ᠠᠶᠤᠵᠤ ᠳᠠᠯᠳᠢᠷᠠᠭᠰᠠᠭᠠᠷ ᠣᠷᠣᠵᠤ ᠣᠴᠢᠯ᠎ᠠ᠃ ᠳᠣᠲᠣᠷ᠎ᠠ ᠨᠢ ᠣᠷᠣᠵᠤ ᠣᠴᠢᠭᠠᠳ ᠶᠡᠬᠡ ᠯᠡ ᠰᠣᠴᠢᠪᠠ᠃ ᠬᠠᠭᠤᠷᠮᠠᠴᠢ ᠬᠠᠷᠢ ᠶ᠋ᠢᠨ ᠴᠢᠳᠬᠥᠷ ᠬᠠᠰᠢᠶᠠᠨ ᠤ᠋ ᠪᠠᠨ ᠲᠥᠪ ᠲᠦ᠍᠂ ᠥᠪᠴᠢ ᠪᠡᠶ᠎ᠡ ᠬᠠᠷᠢ ᠭᠠᠳᠠᠨ᠎ᠠ ᠶ᠋ᠢᠨ ᠪᠣᠯᠤᠯᠲᠠᠢ ᠫᠠᠳ ᠬᠠᠷ᠎ᠠ ᠬᠤᠪᠴᠠᠰᠤ ᠡᠮᠦᠰᠴᠦ᠂ ᠡᠩᠭᠡᠷ ᠳᠡᠭᠡᠷ᠎ᠡ ᠪᠡᠨ ᠪᠠᠰᠠ ᠨᠢᠭᠡ ᠮᠥᠩᠭᠥᠨ ᠲᠣᠭᠣᠷ ᠵᠡᠭᠦᠴᠢᠬᠡᠭᠡᠳ ᠭᠠᠷ ᠲᠠᠭᠠᠨ ᠠ᠊ Q ᠶᠢᠨ ᠠᠮᠲᠠᠯᠠᠵᠤ ᠥᠩᠭᠡᠷᠡᠭᠰᠡᠨ ᠥᠨᠥ ᠲᠠᠰᠢᠭᠤᠷ ᠢ᠋ ᠠᠳᠬᠤᠵᠤ᠂ ᠲᠣᠬᠣᠢ ᠢᠯᠡᠭᠦᠦ ᠤᠷᠭᠤᠭᠰᠠᠨ ᠤᠷᠲᠤ ᠭᠡᠵᠢᠭᠡ ᠪᠡᠨ ᠵᠠᠳᠠᠯᠵᠤ᠂ ᠠᠯᠲᠠᠨ ᠮᠡᠯᠡᠬᠡᠢ ᠶ᠋ᠢᠨ ᠰᠠᠬᠢᠭᠤᠯᠰᠤᠨ ᠰᠢᠭ᠋ ᠮᠥᠷᠥ ᠤᠷᠤᠭᠤ ᠪᠠᠨ ᠰᠡᠭᠰᠡᠢᠯᠭᠡᠨ ᠤᠨᠵᠢᠭᠤᠯᠤᠭᠰᠠᠨ ᠪᠠᠢᠪᠠ᠃ ᠶᠠᠭ ᠡᠮᠦᠨ᠎ᠡ ᠨᠢ ᠵᠣᠣ ᠪᠠᠢ ᠶᠠᠨ ᠭᠤᠷᠪᠠᠨ ᠲᠡᠨᠦᠭᠦᠯᠴᠢᠨ ᠦ᠌ ᠬᠠᠮᠲᠤ ᠳᠠᠪ ᠲᠡᠭᠰᠢᠬᠡᠨ ᠵᠣᠭᠰᠣᠭᠠᠳ᠂ ᠲᠡᠭᠦᠨ ᠦ᠌ ᠶᠠᠷᠢᠶ᠎ᠠ ᠶ᠋ᠢ ᠶᠡᠬᠡ ᠯᠡ ᠬᠢᠴᠢᠶᠡᠩᠭᠦᠢ ᠰᠣᠨᠣᠰᠤᠨ᠎ᠠ᠃
ᠠ᠊ Q ᠬᠥᠪ ᠬᠥᠩᠭᠡᠨ ᠠᠯᠬᠤᠵᠤ ᠣᠷᠣᠭᠠᠳ ᠵᠣᠣ ᠪᠠᠢ ᠶᠠᠨ ᠤ᠋ ᠠᠷᠤ ᠳ᠋ᠤ᠌ ᠵᠣᠭᠰᠣᠪᠠ᠃ ᠴᠢᠩᠭᠢᠭᠡᠳ ᠦᠭᠡ ᠳᠤᠤᠭᠠᠷᠬᠤ ᠭᠡᠵᠦ ᠶᠡᠬᠡ ᠰᠠᠨᠠᠭᠰᠠᠨ ᠪᠣᠯᠪᠠᠴᠤ ᠶᠠᠭᠤ ᠭᠡᠵᠦ ᠳᠠᠭᠤᠳᠠᠬᠤ ᠪᠠᠨ ᠣᠯᠵᠤ ᠶᠠᠳᠠᠨ᠂ ᠬᠠᠭᠤᠷᠮᠠᠴᠢ ᠬᠠᠷᠢ ᠶ᠋ᠢᠨ ᠴᠢᠳᠬᠥᠷ ᠭᠡᠵᠦ ᠪᠣᠯᠬᠤ ᠦᠭᠡᠢ ᠨᠢ ᠯᠠᠪ᠂ ᠬᠠᠷᠢ ᠶ᠋ᠢᠨ ᠬᠥᠮᠦᠨ ᠭᠡᠬᠦ ᠨᠢ ᠪᠠᠰᠠ ᠵᠣᠬᠢᠰ ᠦᠭᠡᠢ᠂ ᠬᠤᠪᠢᠰᠬᠠᠯᠲᠤ ᠨᠠᠮ ᠭᠡᠬᠦ ᠨᠢ ᠮᠥᠨ ᠡᠪ ᠦᠭᠡᠢ᠂ ᠡᠰᠡᠬᠦᠯ᠎ᠡ ᠬᠠᠷᠢ ᠶ᠋ᠢᠨ ᠪᠠᠭᠰᠢ ᠭᠡᠬᠦ ᠴᠤ᠌ ᠶᠦᠮ ᠤᠤ ᠭᠡᠵᠦ ᠪᠣᠳᠣᠨ ᠵᠣᠭᠰᠣᠪᠠ᠃
ᠬᠠᠷᠢ ᠶ᠋ᠢᠨ ᠪᠠᠭᠰᠢ ᠨᠢ ᠬᠠᠷᠢᠨ ᠲᠡᠭᠦᠨ ᠢ᠋ ᠣᠯᠵᠤ ᠦᠵᠡᠭᠰᠡᠨ ᠦᠭᠡᠢ᠂ ᠤᠴᠢᠷ ᠨᠢ ᠲᠡᠷᠡ ᠨᠢᠳᠦ ᠪᠡᠨ ᠴᠠᠭᠠᠨ ᠢ᠋ᠶ᠋ᠠᠷ ᠡᠷᠭᠢᠭᠦᠯᠵᠦ ᠶᠡᠬᠡ ᠯᠡ ᠲᠠᠭᠠᠲᠠᠢ ᠪᠠᠷ:
《ᠪᠢ ᠪᠣᠯ ᠳᠠᠪᠴᠢᠭᠤ ᠵᠠᠩ ᠲᠠᠢ ᠬᠥᠮᠦᠨ ᠲᠤᠯᠠ ᠨᠢᠭᠤᠷ ᠤᠴᠠᠷᠠᠪᠠᠯ ᠯᠠ ᠵᠠᠪᠠᠯ ᠾᠦᠩ ᠠᠬ᠎ᠠ ᠠ᠋! ᠪᠢᠳᠡ ᠭᠠᠷ ᠬᠥᠳᠡᠯᠦᠶ᠎ᠡ! ᠭᠡᠳᠡᠭ ᠶᠦᠮ᠃ ᠭᠡᠲᠡᠯ᠎ᠡ ᠲᠡᠷᠡ ᠬᠡᠵᠢᠶᠡᠳᠡ NO! ᠭᠡᠳ ᠯᠡ ᠪᠠᠢᠯ᠎ᠠ᠃ - ᠡᠨᠡ ᠪᠣᠯ ᠬᠠᠷᠢ ᠶ᠋ᠢᠨ ᠦᠭᠡ᠂ ᠲᠠ ᠨᠠᠷ ᠮᠡᠳᠡᠬᠦ ᠦᠭᠡᠢ᠃ ᠦᠭᠡᠢᠪᠡᠯ ᠬᠤᠪᠢᠰᠬᠠᠯ ᠠᠯᠢ ᠬᠡᠳᠦᠢᠨ ᠪᠦᠳᠦᠴᠢᠭᠡᠭᠰᠡᠨ ᠰᠢᠦ ᠳᠡ᠃ ᠭᠡᠲᠡᠯ᠎ᠡ ᠡᠨᠡ ᠨᠢ ᠶᠠᠭ ᠲᠡᠭᠦᠨ ᠦ᠌ ᠬᠡᠷᠡᠭ ᠤᠴᠢᠷ ᠲᠤ᠌ ᠬᠢᠴᠢᠶᠡᠮᠡᠲᠡᠭᠡᠢ ᠪᠠᠢᠳᠠᠭ ᠭᠠᠵᠠᠷ ᠨᠢ ᠶᠦᠮ᠃ ᠲᠡᠷᠡ ᠨᠠᠮᠠᠶ᠋ᠢ ᠬᠤᠪᠧᠢ ᠳ᠋ᠦ᠍ ᠣᠴᠢᠭᠠᠴᠢ ᠭᠡᠵᠦ ᠳᠠᠬᠢᠨ ᠳᠠᠬᠢᠨ ᠭᠤᠶᠤᠭᠰᠠᠨ ᠰᠢᠦ᠂ ᠪᠢ ᠣᠴᠢᠭᠰᠠᠨ ᠦᠭᠡᠢ᠃ ᠬᠡᠨ ᠲᠡᠷᠡ ᠪᠢᠴᠢᠬᠠᠨ ᠰᠢᠶᠠᠨ ᠤ᠋ ᠭᠠᠵᠠᠷ ᠠᠵᠢᠯᠯᠠᠬᠤ ᠪᠣᠢ? ᠁》
《ᠵᠠ ᠁ ᠣᠳᠣ ᠁》 ᠭᠡᠵᠦ ᠠ᠊ Q ᠲᠡᠭᠦᠨ ᠦ᠌ ᠶᠠᠷᠢᠶ᠎ᠠ ᠲᠦᠷ ᠵᠣᠭᠰᠣᠰᠬᠢᠬᠦ ᠵᠠᠭᠤᠷ᠎ᠠ᠂ ᠠᠷᠪᠠᠨ ᠬᠤᠪᠢ ᠶ᠋ᠢᠨ ᠵᠣᠷᠢᠭ ᠭᠠᠷᠭᠠᠵᠤ ᠠᠷᠠᠢᠭᠡᠵᠦ ᠠᠮᠠ ᠨᠡᠭᠡᠭᠡᠪᠡ᠃ ᠭᠡᠲᠡᠯ᠎ᠡ ᠶᠠᠭᠠᠬᠢᠭᠠᠳ ᠴᠤ᠌ ᠶᠤᠮ ᠪᠤᠤ ᠮᠡᠳᠡ᠂ ᠬᠠᠷᠢ ᠶ᠋ᠢᠨ ᠪᠠᠭᠰᠢ ᠭᠡᠵᠦ ᠳᠠᠭᠤᠳᠠᠭᠰᠠᠨ ᠴᠤ᠌ ᠦᠭᠡᠢ᠃
ᠦᠭᠡ ᠰᠣᠨᠣᠰᠴᠤ ᠪᠠᠢᠭᠰᠠᠨ ᠳᠥᠷᠪᠡᠨ ᠬᠥᠮᠦᠨ ᠴᠥᠮ ᠰᠣᠴᠢᠵᠤ ᠲᠡᠭᠦᠨ ᠢ᠋ ᠡᠷᠭᠢᠵᠦ ᠬᠠᠷᠠᠪᠠ᠃ ᠬᠠᠷᠢ ᠶ᠋ᠢᠨ ᠪᠠᠭᠰᠢ ᠪᠠᠰᠠ ᠣᠯᠵᠤ ᠦᠵᠡᠭᠡᠳ:
《ᠶᠠᠭᠤ?》 ᠭᠡᠪᠡ᠃
《ᠪᠢ ᠁》
《ᠭᠠᠷ!》
《ᠪᠢ ᠪᠠᠭᠤᠵᠤ ᠁》
《ᠲᠣᠨᠢᠯ!》 ᠭᠡᠵᠦ ᠬᠠᠷᠢ ᠶ᠋ᠢᠨ ᠪᠠᠭᠰᠢ 《ᠪᠡᠯᠪᠡᠰᠦᠷᠡᠯ ᠦ᠋ᠨ ᠰᠢᠳᠠᠮ》 ᠢ᠋ᠶ᠋ᠠᠨ ᠳᠠᠯᠠᠢᠪᠠ᠃
ᠵᠣᠣ ᠪᠠᠢ ᠶᠠᠨ ᠪᠣᠯᠤᠨ ᠲᠡᠨᠦᠭᠦᠯᠴᠢᠳ ᠴᠥᠮ: 《ᠪᠠᠭᠰᠢ ᠴᠢᠮᠠᠶ᠋ᠢ ᠲᠣᠨᠢᠯ ᠭᠡᠵᠦ ᠪᠠᠢᠬᠤ ᠳ᠋ᠤ᠌ ᠴᠢ ᠪᠠᠰᠠ ᠰᠣᠨᠣᠰᠬᠤ ᠦᠭᠡᠢ ᠤᠤ?》 ᠭᠡᠵᠦ ᠵᠠᠩᠳᠤᠷᠪᠠ᠃
ᠠ᠊ Q ᠭᠠᠷ ᠢ᠋ᠶ᠋ᠠᠷ ᠲᠣᠯᠣᠭᠠᠢ ᠪᠠᠨ ᠬᠠᠯᠬᠠᠯᠠᠭᠠᠳ ᠰᠠᠨᠠᠮᠰᠠᠷ ᠦᠭᠡᠢ ᠭᠠᠳᠠᠭᠰᠢ ᠳᠤᠲᠠᠭᠠᠨ ᠭᠠᠷᠪᠠ᠃ ᠬᠠᠷᠢ ᠶ᠋ᠢᠨ ᠪᠠᠭᠰᠢ ᠬᠠᠷᠢᠨ ᠨᠡᠬᠡᠵᠦ ᠲᠠᠭᠤᠭᠰᠠᠨ ᠴᠤ᠌ ᠦᠭᠡᠢ᠃ ᠠ᠊ Q ᠵᠢᠷᠠ ᠭᠠᠷᠤᠢ ᠠᠯᠬᠤᠮ ᠲᠦᠷᠭᠡᠨ ᠭᠦᠶᠦᠭᠡᠳ ᠠᠯᠭᠤᠷᠬᠠᠨ ᠠᠯᠬᠤᠪᠠ᠃ ᠢᠩᠭᠢᠭᠡᠳ ᠲᠡᠭᠦᠨ ᠦ᠌ ᠰᠡᠳᠬᠢᠯ ᠤᠢᠳᠬᠠᠷ ᠭᠤᠨᠢᠭ ᠢ᠋ᠶ᠋ᠠᠷ ᠳᠦᠭᠦᠷᠴᠦ: ᠬᠠᠷᠢ ᠶ᠋ᠢᠨ ᠪᠠᠭᠰᠢ ᠲᠡᠭᠦᠨ ᠢ᠋ ᠬᠤᠪᠢᠰᠬᠠᠯ ᠬᠢᠯᠭᠡᠬᠦ ᠦᠭᠡᠢ ᠪᠠᠢᠨ᠎ᠠ᠂ ᠣᠳᠣ ᠥᠭᠡᠷ᠎ᠡ ᠵᠠᠮ ᠦᠭᠡᠢ ᠪᠣᠯᠪᠠ᠃ ᠡᠭᠦᠨ ᠡᠴᠡ ᠬᠣᠢᠰᠢ ᠴᠠᠭᠠᠨ ᠬᠤᠶᠠᠭ ᠳᠤᠭᠤᠯᠠᠭ᠎ᠠ ᠲᠠᠢ ᠬᠥᠮᠦᠨ ᠢᠷᠡᠵᠦ ᠳᠠᠭᠤᠳᠠᠬᠤ ᠶ᠋ᠢ ᠬᠦᠰᠡᠵᠦ ᠣᠭᠲᠣ ᠪᠣᠯᠬᠤ ᠦᠭᠡᠢ᠂ ᠲᠡᠭᠦᠨ ᠦ᠌ ᠪᠦᠬᠦ ᠡᠭᠦᠷᠭᠡ ᠬᠠᠷᠢᠭᠤᠴᠠᠯᠭ᠎ᠠ᠂ ᠬᠦᠰᠡᠯ ᠵᠣᠷᠢᠭ᠂ ᠭᠣᠷᠢᠳᠠᠯ ᠡᠷᠡᠮᠡᠯᠵᠡᠯ᠂ ᠬᠡᠳᠦ ᠶ᠋ᠢᠨ ᠵᠣᠷᠢᠯᠭ᠎ᠠ ᠪᠦᠷ ᠨᠢᠭᠡᠮᠦᠰᠦᠨ ᠪᠠᠯᠠᠷᠠᠪᠠ᠃ ᠰᠤᠯᠠ ᠲᠡᠨᠦᠭᠦᠯᠴᠢᠳ ᠦᠭᠡ ᠭᠠᠷᠭᠠᠵᠤ ᠵᠢᠭᠠᠯ D᠂ ᠸᠠᠩ ᠰᠠᠬᠠᠯᠲᠤ ᠮᠡᠲᠦᠰ ᠲᠦ᠍ ᠡᠯᠡᠭ ᠪᠣᠯᠬᠤ ᠨᠢ ᠴᠤ᠌ ᠶᠠᠭᠠᠮᠠᠢ᠂ ᠲᠡᠳᠦᠢ ᠯᠡ ᠴᠢᠬᠤᠯᠠ ᠬᠡᠷᠡᠭ ᠪᠢᠰᠢ ᠭᠡᠵᠦ ᠪᠣᠳᠣᠵᠤ ᠶᠠᠪᠤᠪᠠ᠃
ᠠ᠊ Q ᠡᠢᠮᠦ ᠣᠯᠢᠭ ᠦᠭᠡᠢ ᠶᠠᠪᠤᠳᠠᠯ ᠳ᠋ᠤ᠌ ᠶᠡᠷᠦ ᠡᠴᠡ ᠤᠴᠠᠷᠠᠵᠤ ᠦᠵᠡᠭᠡᠳᠦᠢ ᠶᠦᠮ ᠰᠢᠭ ᠰᠠᠨᠠᠭᠳᠠᠨ᠎ᠠ᠃ ᠭᠡᠵᠢᠭᠡ ᠣᠷᠢᠶᠠᠭᠰᠠᠨ ᠢ᠋ᠶ᠋ᠠᠨ ᠮᠥᠨ ᠤᠴᠢᠷ ᠦᠭᠡᠢ᠂ ᠳᠡᠮᠡᠢ ᠢᠴᠢᠭᠦᠷᠢ ᠭᠡᠵᠦ ᠰᠠᠨᠠᠨ᠎ᠠ᠃ ᠥᠰᠢᠶ᠎ᠡ ᠪᠣᠳᠣᠵᠤ ᠳᠣᠣᠷ᠎ᠠ ᠨᠢ ᠭᠡᠵᠢᠭᠡ ᠪᠡᠨ ᠲᠠᠯᠪᠢᠴᠢᠬᠠᠶᠠ ᠭᠡᠵᠦ ᠰᠠᠨᠠᠭᠰᠠᠨ ᠪᠣᠯᠪᠠᠴᠤ ᠪᠠᠰᠠ ᠠᠷᠠᠢ ᠲᠠᠯᠪᠢᠭᠰᠠᠨ ᠦᠭᠡᠢ᠂ ᠰᠥᠨᠢ ᠪᠣᠯᠲᠠᠯ᠎ᠠ ᠬᠡᠰᠦᠵᠦ ᠶᠠᠪᠤᠭᠰᠠᠭᠠᠷ ᠬᠣᠶᠠᠷ ᠠᠶᠠᠭ᠎ᠠ ᠠᠷᠢᠬᠢ ᠵᠢᠭᠡᠯᠡᠵᠦ ᠵᠠᠯᠭᠢᠯᠠᠬᠤᠯᠠ ᠠᠭᠠᠵᠢᠮ ᠢ᠋ᠶ᠋ᠠᠷ ᠪᠠᠶᠠᠷ ᠪᠠᠶᠠᠰᠤᠯ ᠲᠥᠷᠥᠭᠳᠡᠵᠦ ᠨᠢᠳᠦᠨ ᠳ᠋ᠦ᠍ᠨᠢ ᠴᠠᠭᠠᠨ ᠳᠤᠭᠤᠯᠠᠭ᠎ᠠ ᠶ᠋ᠢᠨ ᠬᠡᠯᠲᠡᠷᠬᠡᠢ ᠲᠠᠰᠤᠷᠬᠠᠢ ᠨᠤᠭᠤᠳ ᠪᠠᠰᠠ ᠳᠠᠬᠢᠭᠠᠳ ᠦᠵᠡᠭᠳᠡᠬᠦ ᠮᠡᠲᠦ ᠪᠣᠯᠪᠠ᠃
ᠨᠢᠭᠡᠨ ᠡᠳᠦᠷ ᠲᠡᠷᠡ ᠮᠥᠨ ᠰᠥᠨᠢ ᠣᠷᠣᠢ ᠪᠣᠯᠲᠠᠯ᠎ᠠ ᠲᠡᠨᠦᠵᠦ ᠠᠷᠢᠬᠢᠨ ᠤ᠋ ᠫᠦᠰᠡᠨ ᠦ᠌ ᠬᠠᠭᠠᠯᠭ᠎ᠠ ᠪᠠᠨ ᠲᠦᠭᠵᠢᠬᠦ ᠦᠶ᠎ᠡ ᠳ᠋ᠦ᠍ ᠶᠢᠰᠦᠨ ᠡᠵᠡᠳ ᠦ᠋ᠨ ᠰᠦᠮ᠎ᠡ ᠳ᠋ᠡᠭᠡᠨ ᠬᠡᠯᠲᠦᠷᠢᠨ ᠬᠠᠷᠢᠪᠠ᠃
ᠫᠢᠩ᠂ ᠫᠢᠩ ᠁
ᠲᠡᠷᠡ ᠭᠡᠨᠡᠳᠲᠡ ᠨᠢᠭᠡᠨ ᠰᠣᠨᠢᠬᠠᠨ ᠳᠠᠭᠤᠨ ᠣᠯᠵᠤ ᠰᠣᠨᠣᠰᠪᠠ᠃ ᠫᠤᠤᠵᠢᠩ ᠤ᠋ᠨ ᠳᠠᠭᠤᠨ ᠠᠷᠠᠢ ᠴᠤ᠌ ᠪᠢᠰᠢ ᠪᠠᠢᠯ᠎ᠠ᠃ ᠠ᠊ Q ᠶᠡᠷᠦ ᠨᠢ ᠦᠢᠮᠡᠭᠡᠨ ᠳ᠋ᠦ᠍ ᠳᠤᠷᠠᠲᠠᠢ ᠰᠠᠪᠠᠭ᠎ᠠ ᠦᠭᠡᠢ ᠵᠠᠩ ᠲᠠᠢ ᠬᠥᠮᠦᠨ ᠲᠤᠯᠠ ᠬᠠᠷᠠᠩᠭᠤᠢ ᠪᠠᠷ ᠰᠢᠭᠤᠳ ᠭᠠᠷᠴᠤ ᠡᠷᠢᠪᠡ᠃ ᠡᠮᠦᠨ᠎ᠡ ᠨᠢ ᠬᠥᠯ ᠦ᠋ᠨ ᠴᠢᠮᠡᠭᠡ ᠭᠠᠷᠬᠤ ᠰᠢᠭ᠋ ᠪᠣᠯᠤᠭᠰᠠᠨ ᠳ᠋ᠤ᠌ ᠲᠡᠷᠡ ᠶᠠᠭ ᠵᠣᠭᠰᠣᠭᠠᠳ ᠴᠢᠩᠨᠠᠵᠤ ᠪᠠᠢᠲᠠᠯ᠎ᠠ᠂ ᠭᠡᠨᠡᠳᠲᠡ ᠥᠭᠡᠳᠡ ᠡᠴᠡ ᠨᠢ ᠨᠢᠭᠡ ᠬᠥᠮᠦᠨ ᠳᠤᠲᠠᠭᠠᠵᠤ ᠢᠷᠡᠨ᠎ᠡ᠃ ᠠ᠊ Q ᠣᠯᠵᠤ ᠦᠵᠡᠮᠡᠭᠴᠡ ᠲᠦᠷᠭᠡᠨ ᠪᠤᠴᠠᠭᠠᠳ ᠬᠣᠢᠨ᠎ᠠ ᠠ᠋ᠴᠠ ᠨᠢ ᠳᠠᠭᠠᠵᠤ ᠳᠤᠲᠠᠭᠠᠪᠠ᠃ ᠲᠡᠷᠡ ᠬᠥᠮᠦᠨ ᠮᠤᠷᠤᠢᠪᠠᠯ ᠠ᠊ Q ᠪᠠᠰᠠ ᠮᠤᠷᠤᠢᠵᠤ ᠭᠦᠶᠦᠨ᠎ᠡ᠃ ᠲᠡᠷᠡ ᠬᠥᠮᠦᠨ ᠮᠤᠷᠤᠢᠵᠤ ᠡᠷᠭᠢᠮᠡᠭᠴᠡ ᠵᠣᠭᠰᠣᠭᠰᠠᠨ ᠳ᠋ᠤ᠌ ᠠ᠊ Q ᠪᠠᠰᠠ ᠵᠣᠭᠰᠣᠪᠠ᠃ ᠠ᠊ Q ᠠᠷᠤ ᠳ᠋ᠤᠨᠢ ᠬᠥᠮᠦᠨ ᠦᠭᠡᠢ ᠶ᠋ᠢ ᠮᠡᠳᠡᠭᠡᠳ ᠡᠮᠦᠨᠡᠬᠢ ᠪᠡᠨ ᠬᠠᠷᠠᠬᠤᠯ᠎ᠠ ᠭᠠᠢᠬᠠᠯ ᠵᠢᠭᠠᠯ D ᠪᠠᠢᠪᠠ᠃
《ᠶᠠᠭᠤ ᠪᠣᠢ?》 ᠭᠡᠵᠦ ᠠ᠊ Q ᠳᠤᠷ᠎ᠠ ᠦᠭᠡᠢᠴᠡᠨ ᠠᠰᠠᠭᠤᠪᠠ᠃
《ᠵᠣᠣ ᠁ ᠵᠣᠣ ᠣᠪᠣᠭᠲᠠᠨ ᠤ᠋ ᠲᠠᠯᠬᠠᠳᠠᠭᠰᠠᠨ!》 ᠭᠡᠵᠦ ᠵᠢᠭᠠᠯ D ᠠᠮᠢᠰᠬᠤᠭ᠎ᠠ ᠳᠡᠭᠡᠷᠡᠳᠡᠭᠰᠡᠭᠡᠷ ᠬᠡᠯᠡᠪᠡ᠃
ᠠ᠊ Q ᠶᠢᠨ ᠵᠢᠷᠦᠬᠡ ᠲᠦᠭ ᠲᠦᠭ ᠲᠦᠭᠰᠢᠨ᠎ᠡ᠃ ᠵᠢᠭᠠᠯ D ᠬᠡᠯᠡᠵᠦ ᠪᠠᠷᠠᠭᠠᠳ ᠶᠠᠪᠤᠵᠤ ᠥᠭᠪᠡ᠃ ᠠ᠊ Q ᠬᠣᠶᠠᠷ ᠭᠤᠷᠪᠠ ᠳᠠᠬᠢᠨ ᠳᠤᠲᠠᠭᠠᠰᠬᠢᠵᠦ ᠵᠣᠭᠰᠣᠰᠬᠢᠪᠡ᠃ ᠭᠡᠪᠡᠴᠦ ᠠ᠊ Q ᠬᠠᠰᠢ ᠯᠠ 《ᠡᠢᠮᠦ ᠦᠢᠯᠡ》 ᠦᠢᠯᠡᠳᠴᠦ ᠥᠩᠭᠡᠷᠡᠭᠰᠡᠨ ᠬᠥᠮᠦᠨ ᠪᠣᠯᠬᠣᠷ ᠰᠥᠰᠥ ᠵᠣᠷᠢᠭ ᠰᠦᠷᠡᠬᠡᠢ ᠶᠡᠬᠡ᠂ ᠵᠠᠮ ᠤ᠋ᠨ ᠬᠠᠵᠠᠭᠤ ᠳ᠋ᠤ᠌ ᠵᠠᠢᠯᠠᠵᠤ ᠭᠠᠷᠤᠭᠠᠳ ᠴᠢᠬᠢ ᠲᠠᠯᠪᠢᠵᠤ ᠴᠢᠩᠨᠠᠪᠠᠯ ᠬᠠᠰᠬᠢᠷᠤᠯᠳᠤᠬᠤ ᠪᠣᠯᠤᠯᠲᠠᠢ ᠰᠣᠨᠣᠰᠳᠠᠪᠠ᠃ ᠳᠠᠬᠢᠭᠠᠳ ᠨᠠᠷᠢᠨ ᠠᠵᠢᠭᠯᠠᠪᠠᠯ ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠣᠯᠠᠨ ᠬᠥᠮᠦᠨ ᠬᠣᠢᠨ᠎ᠠ ᠬᠣᠢᠨᠠᠴᠠ ᠪᠠᠨ ᠴᠤᠪᠤᠷᠠᠯᠳᠤᠨ ᠭᠠᠳᠠᠭᠰᠢ ᠪᠠᠨ ᠠᠪᠳᠠᠷ᠎ᠠ ᠵᠥᠭᠡᠭᠡᠵᠡᠭᠡᠬᠦ ᠶᠦᠮ ᠰᠢᠭ᠂ ᠰᠢᠦᠼᠠᠢ ᠶ᠋ᠢᠨ ᠡᠬᠡᠨᠡᠷ ᠦ᠋ᠨ ᠨᠢᠩᠪᠦ᠋ᠸᠧ ᠮᠠᠶᠢ᠍ᠭ ᠤ᠋ᠨ ᠣᠷᠣ ᠶ᠋ᠢ ᠴᠤ᠌ ᠵᠥᠭᠡᠭᠡᠬᠦ ᠶᠦᠮ ᠰᠢᠭ ᠪᠣᠯᠤᠭᠰᠠᠨ ᠴᠤ᠌ ᠲᠣᠳᠣ ᠰᠠᠢᠬᠠᠨ ᠬᠠᠷᠠᠭᠳᠠᠬᠤ ᠦᠭᠡᠢ ᠪᠣᠯᠪᠠ᠃ ᠣᠴᠢᠬᠤ ᠴᠤ᠌ ᠶᠤᠮ ᠤᠤ ᠭᠡᠵᠦ ᠰᠠᠨᠠᠭᠰᠠᠨ ᠴᠤ᠌ ᠬᠣᠶᠠᠷ ᠬᠥᠯ ᠨᠢ ᠬᠥᠳᠡᠯᠵᠦ ᠥᠭᠭᠦᠭᠰᠡᠨ ᠦᠭᠡᠢ᠃
ᠡᠨᠡ ᠰᠥᠨᠢ ᠰᠠᠷ᠎ᠠ ᠦᠭᠡᠢ᠂ ᠸᠧᠢ ᠵᠤᠸᠠᠩ ᠲᠣᠰᠬᠣᠨ ᠬᠠᠷᠠᠩᠭᠤᠢ ᠶ᠋ᠢᠨ ᠳᠣᠲᠣᠷ᠎ᠠ ᠴᠢᠮᠡᠭᠡ ᠠᠨᠢᠷ ᠦᠭᠡᠢ᠂ ᠹᠦᠰᠢ ᠬᠠᠭᠠᠨ ᠤ᠋ ᠦᠶ᠎ᠡ ᠰᠢᠭ ᠨᠠᠮ ᠲᠠᠢᠪᠤᠩ ᠪᠠᠢᠪᠠ᠃ ᠠ᠊ Q ᠲᠡᠨᠳᠡ ᠪᠡᠨ ᠵᠣᠭᠰᠣᠭᠠᠳ ᠵᠠᠯᠬᠠᠭᠤ ᠪᠠᠨ ᠬᠦᠷᠲᠡᠯ᠎ᠡ ᠬᠠᠷᠠᠪᠠ᠃ ᠪᠠᠰᠠ ᠯᠠ ᠤᠷᠢᠳᠠᠬᠢ ᠲᠠᠢ ᠪᠠᠨ ᠠᠳᠠᠯᠢ ᠥᠭᠡᠳᠡ ᠤᠷᠤᠭᠤ ᠶᠠᠭᠤᠮ᠎ᠠ ᠵᠥᠭᠡᠭᠡᠵᠦ᠂ ᠠᠪᠳᠠᠷ᠎ᠠ ᠬᠣᠷᠭᠣ ᠨᠤᠭᠤᠳ ᠠᠪᠤᠭᠠᠳ ᠭᠠᠷᠤᠨ᠎ᠠ᠃ ᠡᠳ᠋ᠯᠡᠯ ᠬᠡᠷᠡᠭᠯᠡᠯ ᠢ᠋ ᠴᠤ᠌ ᠵᠥᠭᠡᠭᠡᠵᠦ ᠭᠠᠷᠤᠨ᠎ᠠ᠃ ᠰᠢᠦᠼᠠᠢ ᠶ᠋ᠢᠨ ᠡᠬᠡᠨᠡᠷ ᠦ᠋ᠨ ᠨᠢᠩᠪᠦ᠋ᠸᠧ ᠮᠠᠶᠢ᠍ᠭ ᠤ᠋ᠨ ᠣᠷᠣ ᠶ᠋ᠢ ᠴᠤ᠌ ᠠᠪᠴᠤ ᠭᠠᠷᠤᠨ᠎ᠠ ᠁ ᠠ᠊ Q ᠡᠭᠦᠨ ᠢ᠋ ᠬᠠᠷᠠᠭᠰᠠᠭᠠᠷ ᠥᠪᠡᠷ ᠦ᠋ᠨ ᠨᠢᠳᠦ ᠪᠡᠨ ᠢᠲᠡᠭᠡᠬᠦ ᠦᠭᠡᠢ ᠰᠢᠬᠠᠮ ᠪᠣᠯᠪᠠ᠃ ᠭᠡᠪᠡᠴᠦ ᠲᠡᠷᠡ ᠲᠡᠨᠳᠡ ᠣᠴᠢᠬᠤ ᠦᠭᠡᠢ ᠭᠡᠵᠦ ᠰᠢᠭᠤᠳᠤᠭᠠᠳ ᠶᠢᠰᠦᠨ ᠡᠵᠡᠳ ᠦ᠋ᠨ ᠰᠦᠮ᠎ᠡ ᠳ᠋ᠡᠭᠡᠨ ᠬᠠᠷᠢᠪᠠ᠃
ᠶᠢᠰᠦᠨ ᠡᠵᠡᠳ ᠦ᠋ᠨ ᠰᠦᠮ᠎ᠡ ᠳᠣᠲᠣᠷ᠎ᠠ ᠨᠡᠩ ᠴᠤ᠌ ᠬᠠᠷᠠᠩᠭᠤᠢ ᠪᠣᠯᠪᠠ᠃ ᠲᠡᠷᠡ ᠭᠠᠳᠠᠷ ᠬᠠᠭᠠᠯᠭ᠎ᠠ ᠪᠠᠨ ᠶᠠᠭ ᠳᠠᠷᠤᠭᠠᠳ᠂ ᠥᠷᠥᠭᠡᠨ ᠳ᠋ᠡᠭᠡᠨ ᠲᠡᠮᠲᠡᠷᠢᠨ ᠣᠷᠣᠪᠠ᠃ ᠲᠡᠭᠡᠭᠡᠳ ᠨᠡᠯᠢᠶᠡᠳ ᠤᠳᠠᠲᠠᠯ᠎ᠠ ᠬᠡᠪᠲᠡᠭᠡᠳ ᠳᠣᠲᠣᠷ᠎ᠠ ᠨᠢ ᠪᠠᠬᠠᠨ ᠲᠠᠢᠪᠤᠷᠠᠵᠤ ᠥᠪᠡᠷ ᠦ᠋ᠨ ᠲᠤᠬᠠᠢ ᠪᠠᠨ ᠪᠣᠳᠣᠵᠤ ᠡᠬᠢᠯᠡᠪᠡ: ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠬᠥᠮᠦᠨ ᠦᠵᠡᠲᠡᠯ᠎ᠡ ᠬᠦᠷᠦᠭᠡᠳ ᠢᠷᠡᠭᠰᠡᠨ ᠪᠠᠢᠲᠠᠯ᠎ᠠ ᠨᠠᠮᠠᠶ᠋ᠢ ᠢᠷᠡᠵᠦ ᠳᠠᠭᠤᠳᠠᠬᠤ ᠴᠤ᠌ ᠦᠭᠡᠢ᠃ ᠲᠡᠳᠦᠢ ᠠᠷᠪᠢᠨ ᠰᠠᠢᠨ ᠶᠠᠭᠤᠮ᠎ᠠ ᠣᠯᠤᠭᠰᠠᠨ ᠪᠠᠢᠲᠠᠯ᠎ᠠ ᠮᠢᠨᠦ ᠬᠤᠪᠢ ᠭᠡᠵᠦ ᠠᠯᠠᠭ᠎ᠠ᠃ ᠡᠨᠡ ᠪᠣᠯ ᠴᠥᠮ ᠬᠠᠭᠤᠷᠮᠠᠴᠢ ᠬᠠᠷᠢ ᠶ᠋ᠢᠨ ᠴᠢᠳᠬᠥᠷ ᠦ᠋ᠨ ᠬᠢᠭᠰᠡᠨ ᠤᠷᠰᠢᠭ ᠠ᠋᠂ ᠨᠠᠮᠠᠶ᠋ᠢ ᠤᠷᠪᠠᠭᠤᠯᠬᠤ ᠦᠭᠡᠢ᠂ ᠲᠡᠢᠮᠦ ᠪᠢᠰᠢ ᠪᠣᠯ ᠡᠨᠡ ᠤᠳᠠᠭ᠎ᠠ ᠶᠠᠭᠤᠨ ᠳ᠋ᠤ᠌ ᠬᠤᠪᠢ ᠦᠭᠡᠢ ᠳ᠋ᠦ᠍ ᠬᠦᠷᠬᠦ ᠪᠢᠯᠡ? ᠭᠡᠵᠦ ᠠ᠊ Q ᠪᠣᠳᠣᠬᠤ ᠳᠣᠳᠣᠮ ᠠᠭᠤᠷ ᠨᠢ ᠬᠦᠷᠴᠦ ᠲᠡᠰᠬᠡᠯ ᠦᠭᠡᠢ ᠴᠡᠭᠡᠵᠢ ᠳᠦᠭᠦᠷᠡᠩ ᠬᠢᠯᠢᠩ ᠲᠥᠷᠥᠭᠡᠳ ᠲᠣᠯᠣᠭᠠᠢ ᠪᠠᠨ ᠬᠣᠣᠷᠲᠠᠢᠬᠠᠨ ᠳᠣᠬᠢᠵᠤ:
《ᠪᠢ ᠤᠷᠪᠠᠵᠤ ᠪᠣᠯᠬᠤ ᠦᠭᠡᠢ᠂ ᠴᠢ ᠯᠡ ᠤᠷᠪᠠᠵᠤ ᠪᠣᠯᠤᠨ᠎ᠠ ᠠ᠋? ᠡᠬᠡ ᠪᠡᠨ ᠴᠢᠩᠭᠢᠭᠰᠡᠨ ᠮᠠᠭᠤ ᠬᠠᠭᠤᠷᠮᠠᠴᠢ ᠬᠠᠷᠢ ᠶ᠋ᠢᠨ ᠴᠢᠳᠬᠥᠷ - ᠪᠣᠯᠵᠠᠢ᠂ ᠴᠢ ᠤᠷᠪᠠᠵᠤ ᠪᠠᠢ! ᠤᠷᠪᠠᠨ᠎ᠠ ᠭᠡᠭᠴᠢ ᠲᠣᠯᠣᠭᠠᠢ ᠤᠨᠠᠬᠤ ᠶᠠᠯ᠎ᠠ ᠰᠢᠦ ᠳᠡ᠂ ᠴᠢᠮᠠᠶ᠋ᠢ ᠪᠢ ᠵᠠᠪᠠᠯ ᠵᠠᠭᠠᠯᠳᠤᠵᠤ᠂ ᠰᠢᠶᠠᠨ ᠤ᠋ ᠭᠠᠵᠠᠷ ᠲᠣᠯᠣᠭᠠᠢ ᠶ᠋ᠢ ᠴᠢᠨᠢ ᠠᠪᠬᠤ ᠶ᠋ᠢ ᠦᠵᠡᠨ᠎ᠡ ᠳᠡ - ᠡᠭᠦᠳᠡ ᠳᠠᠷᠤᠵᠤ ᠬᠦᠢᠰᠦ ᠶ᠋ᠢ ᠴᠢᠨᠢ ᠲᠡᠮᠲᠡᠷᠢᠨ᠎ᠡ - ᠴᠠ! ᠴᠠ!》 ᠭᠡᠪᠡ᠃
ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ
ᠬᠢᠨᠠᠭᠴᠢ᠄ ᠣᠭ᠌ᠶᠤ
