ᠽᠠᠨᠳᠠᠨ ᠱᠣᠣ-ᠭᠡᠷᠡᠯᠲᠦ-ᠣᠳᠣ ᠭᠠᠨᠲᠤᠶᠠᠭ᠎ᠠGereltod Gantuya Zandan shooДуучин Гэрэлт-Од Гантуяа Зандан шоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠽᠠᠨᠳᠠᠨ ᠱᠣᠣ-ᠭᠡᠷᠡᠯᠲᠦ-ᠣᠳᠣ ᠭᠠᠨᠲᠤᠶᠠᠭ᠎ᠠGereltod Gantuya Zandan shooДуучин Гэрэлт-Од Гантуяа Зандан шоо

ᠽᠠᠨᠳᠠᠨ ᠱᠣᠣ-ᠭᠡᠷᠡᠯᠲᠦ-ᠣᠳᠣ ᠭᠠᠨᠲᠤᠶᠠᠭ᠎ᠠGereltod Gantuya Zandan shooДуучин Гэрэлт-Од Гантуяа Зандан шоо

ᠠᠩᠭᠢᠯᠠᠯ:ᠳᠠᠭᠤᠤ ᠬᠥᠭᠵᠢᠮ
2024-10-19

801

ᠽᠠᠨᠳᠠᠨ ᠱᠣᠣ

   ᠦᠭᠡ᠄ ᠵ· ᠪᠠᠳᠠᠷ᠎ᠠ 
   ᠠᠶ᠎ᠠ᠄ ᠭ· ᠪᠢᠷᠸ᠎ᠠ 
   ᠳᠠᠭᠤᠴᠢᠨ᠄ ᠭᠡᠷᠡᠯᠲᠦᠣ᠋ᠳᠦ᠂ ᠭᠠᠩᠲᠤᠶᠠᠭ᠎ᠠ 

ᠬᠠᠷᠴᠠᠭᠠᠢ ᠶ᠋ᠢᠨ ᠱᠤᠩᠭᠤᠬᠤ ᠢᠷᠮᠡᠭᠦᠨ ᠢ᠋ᠶ᠋ᠡᠷ 
ᠬᠠᠳᠠ ᠬᠠᠯᠢᠨ ᠴᠤᠢᠯᠠᠬᠤ ᠳ᠋ᠤ᠌ ᠪᠠᠨ 
ᠬᠠᠮᠢᠭ᠎ᠠ ᠴᠤ᠌ ᠬᠦᠷᠬᠦ ᠡᠷ᠎ᠡ ᠪᠡᠷ ᠢ᠋ᠶ᠋ᠡᠨ 
ᠬᠠᠳᠠᠨ ᠲᠤᠭᠤᠷᠠᠢ ᠨᠢ ᠪᠠᠷᠠᠭ᠎ᠠ ᠦᠭᠡᠢ 
ᠵᠠᠯᠠᠭᠤ ᠲᠠᠩᠬᠢᠯ ᠨᠠᠰᠤᠨ ᠳ᠋ᠤ᠌ ᠪᠠᠨ 
ᠵᠠᠶᠠᠭ᠎ᠠ ᠬᠣᠯᠪᠣᠨ ᠳᠣᠪᠲᠣᠯᠤᠭᠰᠠᠭᠠᠷ 
ᠵᠠᠮ ᠤ᠋ᠨ ᠤᠷᠲᠤ ᠶ᠋ᠢ ᠲᠣᠪᠴᠢᠯᠠᠭᠰᠠᠨ 
ᠽᠠᠨᠳᠠᠨ ᠱᠣᠣ ᠭᠡᠭᠴᠢ ᠮᠣᠷᠢ ᠲᠠᠢ ᠰᠠᠨ 
᠂ 
ᠶᠠᠬᠢᠷ ᠰᠤᠩᠭᠠᠭᠤ ᠪᠠᠷᠲᠠᠭ᠎ᠠ ᠪᠠᠷ 
ᠶᠠᠩᠭᠢᠷ ᠠᠳᠠᠯᠢ ᠳᠡᠭᠦᠯᠢᠬᠦ ᠳ᠋ᠦ᠍ ᠪᠡᠨ
ᠶᠠᠮᠠᠷ ᠴᠤ᠌ ᠳᠠᠪᠴᠢᠭᠤ ᠴᠠᠭ ᠭᠡᠮᠡᠨ
ᠢᠨᠠᠭ ᠤ᠋ᠨ ᠪᠣᠯᠵᠣᠭᠠᠨ ᠳ᠋ᠤ᠌ ᠰᠠᠭᠠᠳᠠᠭ᠎ᠠ ᠦᠭᠡᠢ
ᠵᠠᠯᠠᠭᠤ ᠲᠠᠩᠬᠢᠯ ᠨᠠᠰᠤᠨ ᠳ᠋ᠤ᠌ ᠪᠠᠨ
ᠵᠠᠶᠠᠭ᠎ᠠ ᠬᠣᠯᠪᠣᠨ ᠳᠣᠪᠲᠣᠯᠤᠭᠰᠠᠭᠠᠷ
ᠵᠠᠮ ᠤ᠋ᠨ ᠤᠷᠲᠤ ᠶ᠋ᠢ ᠲᠣᠪᠴᠢᠯᠠᠭᠰᠠᠨ
ᠽᠠᠨᠳᠠᠨ ᠱᠣᠣ ᠭᠡᠭᠴᠢ ᠮᠣᠷᠢ ᠲᠠᠢ ᠰᠠᠨ
᠂
ᠭᠠᠩᠭᠠᠩ ᠴᠠᠷᠪᠤᠩ ᠠᠩᠬᠢᠯᠤᠭᠤᠯᠤᠭᠠᠳ
ᠭᠠᠵᠠᠷ ᠱᠦᠷᠭᠦᠨ ᠳᠡᠭᠦᠯᠢᠬᠦ ᠳ᠋ᠦ᠍ ᠪᠡᠨ
ᠭᠠᠷᠭᠠᠭᠤᠳ ᠬᠤᠷᠳᠤᠨ ᠬᠠᠲᠠᠷᠢᠭ᠎ᠠ ᠪᠠᠨ
ᠭᠠᠭᠴᠠᠬᠠᠨ ᠤᠳᠠᠭ᠎ᠠ ᠴᠤ᠌ ᠰᠠᠭᠠᠷᠠᠭ᠎ᠠ ᠦᠭᠡᠢ
ᠵᠠᠯᠠᠭᠤ ᠲᠠᠩᠬᠢᠯ ᠨᠠᠰᠤᠨ ᠳ᠋ᠤ᠌ ᠪᠠᠨ
ᠵᠠᠶᠠᠭ᠎ᠠ ᠬᠣᠯᠪᠣᠨ ᠳᠣᠪᠲᠣᠯᠤᠭᠰᠠᠭᠠᠷ
ᠵᠠᠮ ᠤ᠋ᠨ ᠤᠷᠲᠤ ᠶ᠋ᠢ ᠲᠣᠪᠴᠢᠯᠠᠭᠰᠠᠨ
ᠽᠠᠨᠳᠠᠨ ᠱᠣᠣ ᠭᠡᠭᠴᠢ ᠮᠣᠷᠢ ᠲᠠᠢ ᠰᠠᠨ
᠂
ᠬᠤᠭᠤᠷᠴᠢᠨ ᠡᠴᠢᠭᠡ ᠨᠢ ᠬᠠᠵᠠᠭᠠᠷᠯᠠᠭᠠᠳ
ᠳᠠᠭᠤᠴᠢᠨ ᠬᠦᠦ ᠳ᠋ᠦ᠍ ᠪᠡᠨ᠂ ᠡᠮᠡᠭᠡᠯᠯᠡᠭᠰᠡᠨ
ᠬᠤᠷᠳᠤᠨ ᠬᠦᠷᠡᠩ ᠬᠦᠯᠦᠭ ᠦ᠋ᠨ ᠢ᠋ᠶ᠋ᠡᠨ
ᠳᠠᠭᠤᠷᠢᠰᠬᠤ ᠠᠯᠳᠠᠷ ᠢ᠋ ᠬᠠᠭᠠᠭ᠎ᠠ ᠦᠭᠡᠢ
ᠵᠠᠯᠠᠭᠤ ᠲᠠᠩᠬᠢᠯ ᠨᠠᠰᠤᠨ ᠳ᠋ᠤ᠌ ᠪᠠᠨ
ᠵᠠᠶᠠᠭ᠎ᠠ ᠬᠣᠯᠪᠣᠨ ᠳᠣᠪᠲᠣᠯᠤᠭᠰᠠᠭᠠᠷ
ᠵᠠᠮ ᠤ᠋ᠨ ᠤᠷᠲᠤ ᠶ᠋ᠢ ᠲᠣᠪᠴᠢᠯᠠᠭᠰᠠᠨ
ᠽᠠᠨᠳᠠᠨ ᠱᠣᠣ ᠭᠡᠭᠴᠢ ᠮᠣᠷᠢ ᠲᠠᠢ ᠰᠠᠨ
᠂
ᠳᠥᠭᠥᠮ ᠦ᠋ᠨ ᠨᠠᠢᠷ ᠤ᠋ᠨ ᠤᠶᠠᠭᠠᠨ ᠳᠡᠭᠡᠷ᠎ᠡ
ᠲᠦᠮᠡᠨ ᠭᠠᠢᠬᠠᠭᠠᠳ ᠪᠠᠷᠠᠭ᠎ᠠ ᠦᠭᠡᠢ
ᠲᠥᠷᠥ ᠶ᠋ᠢᠨ ᠨᠠᠭᠠᠳᠤᠮ ᠤ᠋ᠨ ᠪᠠᠷᠢᠶᠠᠨ ᠳᠡᠭᠡᠷ᠎ᠡ
ᠲᠡᠷᠢᠭᠦᠨ ᠮᠠᠩᠯᠠᠢ ᠠᠯᠳᠠᠭ᠎ᠠ ᠦᠭᠡᠢ
ᠵᠠᠯᠠᠭᠤ ᠲᠠᠩᠬᠢᠯ ᠨᠠᠰᠤᠨ ᠳ᠋ᠤ᠌ ᠪᠠᠨ
ᠵᠠᠶᠠᠭ᠎ᠠ ᠬᠣᠯᠪᠣᠨ ᠳᠣᠪᠲᠣᠯᠤᠭᠰᠠᠭᠠᠷ
ᠵᠠᠮ ᠤ᠋ᠨ ᠤᠷᠲᠤ ᠶ᠋ᠢ ᠲᠣᠪᠴᠢᠯᠠᠭᠰᠠᠨ
ᠽᠠᠨᠳᠠᠨ ᠱᠣᠣ ᠭᠡᠭᠴᠢ ᠮᠣᠷᠢ ᠲᠠᠢ ᠰᠠᠨ
ᠵᠠᠯᠠᠭᠤ ᠲᠠᠩᠬᠢᠯ ᠨᠠᠰᠤᠨ ᠳ᠋ᠤ᠌ ᠪᠠᠨ
ᠵᠠᠶᠠᠭ᠎ᠠ ᠬᠣᠯᠪᠣᠨ ᠳᠣᠪᠲᠣᠯᠤᠭᠰᠠᠭᠠᠷ
ᠵᠠᠮ ᠤ᠋ᠨ ᠤᠷᠲᠤ ᠶ᠋ᠢ ᠲᠣᠪᠴᠢᠯᠠᠭᠰᠠᠨ
ᠽᠠᠨᠳᠠᠨ ᠱᠣᠣ ᠭᠡᠭᠴᠢ ᠮᠣᠷᠢ ᠲᠠᠢ ᠰᠠᠨ

  ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
  ᠬᠢᠨᠠᠭᠴᠢ ᠪᠠᠭᠰᠢ᠄ ᠢᠷᠡᠭᠡᠳᠦᠢ