ᠮᠢᠨᠦ ᠬᠥᠯᠥᠨ ᠪᠤᠢᠷ-ᠪᠣᠷᠤᠬᠦᠦ ᠶ᠋ᠢᠨ ᠠᠨᠠᠷМиний Хөлөнбуйр-Борхүүгийн Анар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠬᠥᠯᠥᠨ ᠪᠤᠢᠷ-ᠪᠣᠷᠤᠬᠦᠦ ᠶ᠋ᠢᠨ ᠠᠨᠠᠷМиний Хөлөнбуйр-Борхүүгийн Анар

ᠮᠢᠨᠦ ᠬᠥᠯᠥᠨ ᠪᠤᠢᠷ-ᠪᠣᠷᠤᠬᠦᠦ ᠶ᠋ᠢᠨ ᠠᠨᠠᠷМиний Хөлөнбуйр-Борхүүгийн Анар

ᠠᠩᠭᠢᠯᠠᠯ:ᠳᠠᠭᠤᠤ ᠬᠥᠭᠵᠢᠮ
2024-10-17

1026

ᠮᠢᠨᠦ ᠬᠥᠯᠥᠨ ᠪᠤᠢᠷ

   ᠦᠭᠡ᠄ ᠮᠧᠩ ᠰᠥᠩ ᠯᠢᠨ· ᠨᠢ· ᠪᠠᠶᠠᠷ 
   ᠠᠶ᠎ᠠ᠄ ᠵᠠᠩᠴᠢᠨᠨᠣᠷᠪᠣ( ᠮᠣᠩᠭᠣᠯ ᠤᠯᠤᠰ) 
   — ᠪᠣᠷᠤᠬᠦᠦ ᠶ᠋ᠢᠨ ᠠᠨᠠᠷ ᠳᠠᠭᠤᠯᠠᠨ᠎ᠠ 

ᠨᠠᠷᠠᠨ ᠰᠠᠷᠠᠨ ᠨᠠᠭᠠᠳᠤᠭᠤᠯᠤᠭᠰᠠᠨ 
ᠴᠡᠯᠮᠡᠭ ᠬᠥᠬᠡ ᠲᠩᠷᠢ ᠮᠢᠨᠢ 
ᠨᠠᠭᠠᠰᠢ ᠴᠠᠭᠠᠰᠢ ᠨᠡᠭᠦᠭᠰᠡᠨ 
ᠬᠥᠪᠥᠩ ᠴᠠᠭᠠᠨ ᠡᠭᠦᠯᠡᠰ ᠮᠢᠨᠢ 
ᠵᠢᠭᠠᠰᠤ ᠵᠢᠷᠠᠭᠠᠬᠠᠢ ᠨᠢ ᠢᠷᠠᠯᠵᠠᠭᠰᠠᠨ 
ᠭᠣᠣᠯ ᠭᠣᠷᠣᠬ᠎ᠠ ᠤᠰᠤ ᠮᠢᠨᠢ 
ᠭᠠᠯᠠᠭᠤ ᠰᠢᠪᠠᠭᠤ ᠨᠢ ᠭᠠᠩᠭᠠᠨᠠᠭᠰᠠᠨ 
ᠨᠠᠭᠤᠷ ᠪᠦᠷᠢᠳᠦ ᠨᠤᠭᠤ ᠨᠤᠭᠤᠳ ᠮᠢᠨᠢ 
ᠠᠳᠤᠭᠤ ᠮᠠᠯ ᠨᠢ ᠠᠯᠠᠭᠯᠠᠭᠰᠠᠨ 
ᠬᠠᠷᠠᠭ᠎ᠠ ᠠᠯᠳᠠᠮ᠎ᠠ ᠲᠠᠯ᠎ᠠ ᠮᠢᠨᠢ
ᠠᠩ ᠬᠦᠷᠦᠭᠡ ᠨᠢ ᠰᠦᠯᠵᠢᠯᠳᠦᠭᠰᠡᠨ
ᠠᠭᠯᠠᠭ ᠬᠢᠩᠭᠠᠨ ᠤ᠋ ᠨᠢᠷᠤᠭᠤ ᠮᠢᠨᠢ
ᠠᠪᠤ ᠶ᠋ᠢᠨ ᠨᠥᠮᠥᠷᠢ ᠳ᠋ᠦ᠍ ᠥᠨᠳᠡᠢᠭᠰᠡᠨ
ᠠᠯᠲᠠᠨ ᠤᠷᠤᠭ ᠤ᠋ᠨ ᠨᠤᠲᠤᠭ ᠮᠢᠨᠢ
ᠡᠵᠢ ᠶ᠋ᠢᠨ ᠡᠩᠭᠡᠷ ᠲᠦ᠍ ᠢᠪᠡᠭᠡᠭᠳᠡᠭᠰᠡᠨ
ᠡᠨᠡ ᠯᠡ ᠨᠠᠰᠤᠨ ᠤ᠋ ᠵᠠᠶᠠᠭ᠎ᠠ ᠮᠢᠨᠢ
ᠨᠠ ᠶᠠ ᠨᠠ ᠶᠠ ᠶᠧ
ᠮᠢᠨᠦ ᠬᠥᠯᠥᠨ ᠪᠤᠢᠷ
ᠨᠠ ᠶᠠ ᠨᠠ ᠶᠠ ᠶᠧ
ᠮᠢᠨᠦ ᠬᠥᠯᠥᠨ ᠪᠤᠢᠷ
ᠮᠢᠨᠦ ᠠᠮᠢᠨ ᠰᠠᠬᠢᠶ᠎ᠠ
ᠪᠠᠷᠭᠤ ᠶ᠋ᠢᠨ ᠤᠷᠲᠤ ᠶ᠋ᠢᠨ ᠳᠠᠭᠤᠤ ᠪᠠᠷ
ᠠᠯᠤᠩᠭᠤᠸ᠎ᠠ ᠶ᠋ᠢᠨ ᠳᠣᠮᠣᠭ ᠰᠣᠨᠣᠰᠤᠭᠳᠠᠨ᠎ᠠ
ᠤᠯᠭᠤᠶᠠ ᠶ᠋ᠢᠨ ᠪᠤᠭᠤ ᠶ᠋ᠢᠨ ᠣᠷᠣᠮ ᠢ᠋ᠶ᠋ᠠᠷ
ᠪᠥᠬᠡ ᠶ᠋ᠢᠨ ᠬᠡᠩᠭᠡᠷᠭᠡ ᠨᠢᠴᠢᠭᠢᠨᠡᠨ᠎ᠡ
ᠭᠠᠢᠬᠠᠮ᠎ᠠ ᠶᠣᠬᠣᠷ ᠤ᠋ᠨ ᠠᠶ᠎ᠠ ᠪᠠᠷ
ᠪᠤᠷᠢᠶᠠᠳ ᠤ᠋ᠨ ᠨᠡᠭᠦᠳᠡᠯ ᠬᠠᠲᠠᠷᠢᠨ᠎ᠠ
ᠭᠠᠩᠭᠠᠩ ᠰᠠᠪᠠᠷᠳᠠᠩ ᠪᠥᠵᠢᠭ ᠢ᠋ᠶ᠋ᠡᠷ ᠨᠢ
ᠥᠭᠡᠯᠡᠳ ᠦ᠋ᠨ ᠲᠡᠦᠬᠡ ᠨᠢ ᠲᠣᠳᠣᠷᠠᠨ᠎ᠠ
ᠳᠠᠭᠤᠷ ᠤ᠋ᠨ ᠡᠭᠡᠰᠢᠭᠯᠡᠩᠲᠦ ᠮᠥᠺᠥᠯᠢᠶᠠᠨ ᠢ᠋ᠶ᠋ᠠᠷ
ᠨᠤᠨ ᠮᠥᠷᠡᠨ ᠮᠡᠯᠲᠡᠯᠵᠡᠨ᠎ᠡ
ᠣᠷᠴᠣᠨ ᠤ᠋ ᠵᠠᠨᠳᠠᠷᠠᠨ ᠤ᠋ ᠠᠶᠠᠯᠭᠤ ᠪᠠᠷ
ᠢᠯᠢ ᠬᠣᠷᠢᠭ ᠴᠤᠤᠷᠢᠶᠠᠲᠤᠨ᠎ᠠ
ᠰᠸᠪᠵᠡᠨ ᠨᠠᠭᠠᠳᠤᠮ ᠤ᠋ᠨ ᠬᠥᠭ ᠢ᠋ᠶ᠋ᠡᠷ
ᠡᠸᠡᠩᠬᠢ ᠶ᠋ᠢᠨ ᠲᠠᠯ᠎ᠠ ᠨᠢ ᠳᠣᠭᠳᠣᠯᠤᠨ᠎ᠠ
ᠡᠷᠭᠦᠨ᠎ᠡ ᠶ᠋ᠢᠨ ᠠᠭᠤᠳᠠᠮ ᠬᠥᠨᠳᠡᠢ ᠪᠡᠷ
ᠪᠠᠱᠠᠺᠠ ᠨᠠᠢᠷ ᠨᠢ ᠬᠥᠭᠵᠢᠯᠳᠦᠨ᠎ᠡ
ᠨᠠ ᠶᠠ ᠨᠠ ᠶᠠ ᠶᠧ
ᠮᠢᠨᠦ ᠬᠥᠯᠥᠨ ᠪᠤᠢᠷ
ᠨᠠ ᠶᠠ ᠨᠠ ᠶᠠ ᠶᠧ
ᠮᠢᠨᠦ ᠬᠥᠯᠥᠨ ᠪᠤᠢᠷ
ᠮᠢᠨᠦ ᠠᠮᠢᠨ ᠰᠠᠬᠢᠶ᠎ᠠ
ᠬᠤᠪᠢᠯᠭᠠᠨ ᠬᠠᠪᠴᠢᠯ ᠤ᠋ᠨ ᠡᠩᠭᠡᠷ ᠢ᠋ᠶ᠋ᠡᠷ
ᠬᠠᠷᠠᠪᠤᠷ ᠴᠡᠴᠡᠭ ᠨᠢ ᠤᠯᠠᠯᠵᠠᠨ᠎ᠠ
ᠬᠥᠯᠥᠨ ᠦ᠌ ᠰᠡᠷᠮᠡᠭᠦᠨ ᠳᠡᠨᠵᠢ ᠡᠴᠡ ᠨᠢ
ᠪᠠᠷᠭᠤ ᠶ᠋ᠢᠨ ᠲᠠᠯ᠎ᠠ ᠨᠢ ᠴᠡᠩᠬᠡᠷᠲᠦᠨ᠎ᠡ
ᠶᠠᠯᠦ ᠭᠣᠣᠯ ᠤ᠋ᠨ ᠬᠥᠪᠡᠭᠡ ᠪᠡᠷ
ᠬᠤᠰᠤᠨ ᠰᠢᠭᠤᠢ ᠨᠢ ᠨᠠᠯᠠᠷᠠᠨ᠎ᠠ
ᠮᠣᠷᠢᠨᠳᠠᠪᠠᠭ᠎ᠠ ᠠᠭᠤᠯᠠ ᠶ᠋ᠢᠨ ᠣᠷᠣᠢ ᠪᠠᠷ
ᠮᠥᠩᠭᠥᠨ ᠵᠡᠷᠭᠡᠯᠭᠡᠨ ᠬᠥᠭᠡᠭᠡᠴᠡᠯᠳᠦᠨ᠎ᠡ
ᠨᠠ ᠶᠠ ᠨᠠ ᠶᠠ ᠶᠧ
ᠮᠢᠨᠦ ᠬᠥᠯᠥᠨ ᠪᠤᠢᠷ
ᠨᠠ ᠶᠠ ᠨᠠ ᠨᠠ ᠶᠧ
ᠮᠢᠨᠦ ᠬᠥᠯᠥᠨ ᠪᠤᠢᠷ
ᠮᠢᠨᠦ ᠠᠮᠢᠨ ᠰᠠᠬᠢᠶ᠎ᠠ
ᠨᠠ ᠶᠠ ᠨᠠ ᠶᠠ ᠶᠧ
ᠮᠢᠨᠦ ᠬᠥᠯᠥᠨ ᠪᠤᠢᠷ
ᠨᠠ ᠶᠠ ᠨᠠ ᠶᠠ ᠶᠧ
ᠮᠢᠨᠦ ᠬᠥᠯᠥᠨ ᠪᠤᠢᠷ
ᠮᠢᠨᠦ ᠠᠮᠢᠨ ᠰᠠᠬᠢᠶ᠎ᠠ
ᠮᠢᠨᠦ ᠮᠥᠩᠬᠡ ᠶ᠋ᠢᠨ ᠥᠯᠥᠭᠡᠢ
   ᠦᠰᠦᠭ ᠬᠠᠲᠠᠭᠰᠠᠨ ᠨᠢ ᠄ ᠥᠨᠢᠮᠥ᠋ᠩᠬᠡ
   ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
   ᠬᠢᠨᠠᠭᠴᠢ ᠪᠠᠭᠰᠢ᠄ ᠢᠷᠡᠭᠡᠳᠦᠢ