ᠬᠤᠷᠳᠤ ᠲᠥᠷᠥᠬᠦ ᠪᠣᠯᠲᠤᠭᠠᠢ-ᠳᠠᠸᠠᠳᠣᠷᠵᠢ ᠬᠡᠰᠢᠭᠵᠢᠷᠭᠠᠯDavaadorj Hishigjargal - Hurd turuh boltugai Даваадорж Хишигжаргал - Хурд төрөх болтугай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠷᠳᠤ ᠲᠥᠷᠥᠬᠦ ᠪᠣᠯᠲᠤᠭᠠᠢ-ᠳᠠᠸᠠᠳᠣᠷᠵᠢ ᠬᠡᠰᠢᠭᠵᠢᠷᠭᠠᠯDavaadorj Hishigjargal - Hurd turuh boltugai Даваадорж Хишигжаргал - Хурд төрөх болтугай

ᠬᠤᠷᠳᠤ ᠲᠥᠷᠥᠬᠦ ᠪᠣᠯᠲᠤᠭᠠᠢ-ᠳᠠᠸᠠᠳᠣᠷᠵᠢ ᠬᠡᠰᠢᠭᠵᠢᠷᠭᠠᠯDavaadorj Hishigjargal - Hurd turuh boltugai Даваадорж Хишигжаргал - Хурд төрөх болтугай

ᠠᠩᠭᠢᠯᠠᠯ:ᠳᠠᠭᠤᠤ ᠬᠥᠭᠵᠢᠮ
2024-10-16

1274

ᠬᠤᠷᠳᠤ ᠲᠥᠷᠥᠬᠦ ᠪᠣᠯᠲᠤᠭᠠᠢ


      ᠦᠭᠡ᠄ ᠮ• ᠴᠡᠴᠡᠩᠲᠣᠭᠲᠠᠬᠤ   
      ᠠᠶ᠎ᠠ᠄ ᠭ• ᠮᠦᠩᠬᠡᠠᠮᠢᠳᠤᠷᠠᠯ   
      ᠳᠠᠭᠤᠴᠢᠨ᠄ ᠳ• ᠳᠠᠸᠠᠳᠣᠷᠵᠢ᠂ ᠪ• ᠭᠡᠰᠢᠭᠵᠢᠷᠭᠠᠯ   

ᠠᠰᠢᠳᠠ ᠶ᠋ᠢᠨ ᠪᠢᠯᠢᠭ ᠢᠷᠦᠭᠡᠯ ᠢ᠋ᠶ᠋ᠡᠷ ᠳᠡᠯᠡᠬᠡᠢ ᠶ᠋ᠢ ᠤᠶᠠᠷᠠᠭᠠᠵᠤ ᠳᠠᠭᠤᠯᠠᠭᠠᠷᠠᠢ  
ᠠᠮᠠᠭᠠᠢ ᠱᠠᠷᠢᠭ ᠢ᠋ᠶ᠋ᠠᠨ ᠬᠣᠯᠪᠣᠵᠤ ᠠᠢᠯᠴᠢᠨ ᠭᠡᠢᠴᠢᠨ ᠢ᠋ᠶ᠋ᠡᠨ ᠲᠣᠰᠤᠭᠠᠷᠠᠢ  
ᠬᠤᠯᠤ ᠳᠦᠭᠦᠷᠡᠩ ᠠᠢᠷᠠᠭ ᠢ᠋ᠶ᠋ᠠᠷ ᠳᠡᠮᠪᠡᠭᠡ ᠬᠥᠭᠵᠢᠭᠡᠨ ᠨᠠᠭᠠᠳᠤᠭᠠᠷᠠᠢ
ᠬᠤᠪᠢ ᠲᠠᠢ ᠡᠵᠡᠨ ᠢ᠋ᠶ᠋ᠡᠨ ᠠᠯᠳᠠᠷᠰᠢᠭᠤᠯᠵᠤ ᠬᠤᠷᠳᠤᠨ ᠬᠦᠯᠦᠭ ᠤ᠋ᠳ ᠲᠥᠷᠥᠭᠡᠷᠡᠢ᠃
ᠲᠠᠯ᠎ᠠ ᠪᠠᠷ ᠳᠦᠭᠦᠷᠡᠩ ᠠᠳᠤᠭᠤᠨ ᠠ᠋ᠴᠠ ᠲᠠᠨᠢ ᠬᠤᠷᠳᠤᠨ ᠬᠦᠯᠦᠭ ᠤ᠋ᠳ ᠲᠥᠷᠥᠬᠦ ᠪᠣᠯᠲᠤᠭᠠᠢ
ᠲᠠᠪᠠ ᠪᠠᠷ ᠵᠢᠷᠭᠠᠯᠲᠠᠢ ᠠᠮᠢᠳᠤᠷᠠᠯ ᠲᠠᠨᠢ ᠮᠦᠩᠬᠡᠲᠡ ᠲᠡᠪᠴᠢᠨ ᠳᠡᠭᠡᠭᠰᠢᠯᠡᠬᠦ ᠪᠣᠯᠲᠤᠭᠠᠢ᠃

ᠬᠡᠢᠮᠣᠷᠢ ᠳᠠᠯᠠᠯᠤᠭᠰᠠᠨ ᠠᠳᠤᠭᠤ ᠨᠢ ᠬᠥ᠋ ᠪᠤᠶᠠᠨ ᠢ᠋ᠶ᠋ᠠᠷ ᠪᠢᠯᠬᠠᠨ ᠥᠰᠦᠭᠡᠷᠡᠢ
ᠬᠣᠢᠮᠣᠷ ᠲᠤ᠌ ᠳᠠᠭᠤᠯᠠᠭᠰᠠᠨ ᠳᠠᠭᠤᠤ ᠮᠢᠨᠢ ᠨᠠᠷᠠᠨ ᠳᠠᠶᠠᠭᠠᠷ ᠲᠤ᠌ ᠭᠦᠷᠦᠭᠡᠷᠡᠢ
ᠵᠠᠶᠠᠭ᠎ᠠ ᠨᠢ ᠥᠭᠡᠳᠡ ᠪᠡᠨ ᠡᠵᠡᠨ ᠲᠠ ᠵᠢᠷᠭᠠᠯ ᠳᠥᠰᠢᠨ ᠪᠠᠢᠷᠢᠯᠠᠭᠠᠷᠠᠢ
ᠵᠡᠯ᠎ᠡ ᠲᠠᠲᠠᠬᠤ ᠤᠨᠠᠭᠠᠨ ᠠ᠋ᠴᠠ ᠨᠢ ᠴᠤᠤ ᠲᠠᠢ ᠬᠦᠯᠦᠭ ᠤ᠋ᠳ ᠲᠥᠷᠥᠬᠦ ᠪᠣᠯᠲᠤᠭᠠᠢ᠃
ᠲᠠᠯ᠎ᠠ ᠪᠠᠷ ᠳᠦᠭᠦᠷᠡᠩ ᠠᠳᠤᠭᠤᠨ ᠠ᠋ᠴᠠ ᠲᠠᠨᠢ ᠬᠤᠷᠳᠤᠨ ᠬᠦᠯᠦᠭ ᠤ᠋ᠳ ᠲᠥᠷᠥᠬᠦ ᠪᠣᠯᠲᠤᠭᠠᠢ
ᠲᠠᠪᠠ ᠪᠠᠷ ᠵᠢᠷᠭᠠᠯᠲᠠᠢ ᠠᠮᠢᠳᠤᠷᠠᠯ ᠲᠠᠨᠢ ᠮᠦᠩᠬᠡᠲᠡ ᠲᠡᠪᠴᠢᠨ ᠳᠡᠭᠡᠭᠰᠢᠯᠡᠬᠦ ᠪᠣᠯᠲᠤᠭᠠᠢ᠃

ᠤᠭᠰᠢᠯ ᠬᠠᠨᠤᠭᠰᠠᠨ ᠪᠤᠶᠠᠨ ᠢ᠋ᠶ᠋ᠠᠷ ᠢ᠋ᠶ᠋ᠠᠨ ᠤᠶᠠᠭ᠎ᠠ ᠭᠠᠯ ᠨᠢ ᠳᠦᠭᠦᠷᠦᠭᠡᠷᠡᠢ
ᠤᠬᠠᠭᠠᠨ ᠲᠡᠭᠦᠯᠳᠡᠷ ᠤᠶᠠᠭᠠᠴᠢ ᠶ᠋ᠢᠨ ᠤᠨᠠᠭᠠᠨ ᠬᠤᠷᠳᠤ ᠨᠢ ᠦᠰᠦᠭᠡᠷᠡᠢ
ᠨᠠᠢ᠍ᠮᠠᠨ ᠵᠦᠭ ᠡᠴᠡ ᠴᠢᠭᠤᠯᠤᠭᠰᠠᠨ ᠰᠡᠳᠬᠢᠯ ᠪᠦᠬᠦᠨ ᠬᠤᠷᠤᠢᠯᠠᠭᠠᠷᠠᠢ
ᠨᠠᠷᠠ ᠲᠠᠢ ᠵᠥᠭᠡᠯᠡᠨ ᠪᠣᠷᠣᠭ᠎ᠠ ᠨᠠᠢᠷ ᠤ᠋ᠨ ᠳᠤᠭᠤᠷ᠎ᠠ ᠳ᠋ᠤ᠌ ᠵᠦᠰᠡᠷᠡᠭᠡᠷᠡᠢ᠃
ᠲᠠᠯ᠎ᠠ ᠪᠠᠷ ᠳᠦᠭᠦᠷᠡᠩ ᠠᠳᠤᠭᠤᠨ ᠠ᠋ᠴᠠ ᠲᠠᠨᠢ ᠬᠤᠷᠳᠤᠨ ᠬᠦᠯᠦᠭ ᠤ᠋ᠳ ᠲᠥᠷᠥᠬᠦ ᠪᠣᠯᠲᠤᠭᠠᠢ
ᠲᠠᠪᠠ ᠪᠠᠷ ᠵᠢᠷᠭᠠᠯᠲᠠᠢ ᠠᠮᠢᠳᠤᠷᠠᠯ ᠲᠠᠨᠢ ᠮᠦᠩᠬᠡᠲᠡ ᠲᠡᠪᠴᠢᠨ ᠳᠡᠭᠡᠭᠰᠢᠯᠡᠬᠦ ᠪᠣᠯᠲᠤᠭᠠᠢ
ᠮᠦᠩᠬᠡᠲᠡ ᠲᠡᠪᠴᠢᠨ ᠳᠡᠭᠡᠭᠰᠢᠯᠡᠬᠦ ᠪᠣᠯᠲᠤᠭᠠᠢ᠃

      ᠦᠰᠦᠭ ᠬᠠᠳᠠᠭᠴᠢ᠄ ᠵᠢᠷᠠᠨᠲᠠᠢ
      ᠦᠰᠦᠭ ᠠᠮᠢᠯᠠᠭᠤᠯᠤᠭᠴᠢ᠄ ᠤᠤᠭᠠᠨᠵᠢᠳ
      ᠬᠢᠨᠠᠭᠴᠢ᠄ ᠮᠡᠷᠭᠡᠨᠪᠢᠯᠢᠭ