ᠣᠷᠴᠢᠯᠠᠩ ᠢ᠋ ᠬᠠᠢᠷᠠᠯᠠᠭᠠᠷᠠᠢ-ᠪᠠᠲᠤᠰᠦ᠋ᠬᠡ᠂ coverby ᠮᠣᠨᠢᠨ᠂ ᠠᠷᠢᠭᠤᠨ᠎ᠠ᠂ ᠨᠠᠷᠠᠨᠮᠠᠨᠳᠤᠯ᠎ᠠ Орчлоныг хайрлаарай-Батсүх
ᠣᠷᠴᠢᠯᠠᠩ ᠢ᠋ ᠬᠠᠢᠷᠠᠯᠠᠭᠠᠷᠠᠢ
ᠦᠭᠡ᠄ ᠴ᠂ ᠪᠠᠪᠤᠳᠣᠷᠵᠢ
ᠠᠶ᠎ᠠ᠄ ᠳ᠂ ᠨᠠᠷᠠᠮᠠᠨᠳᠤᠬᠤ
ᠳᠠᠭᠤᠴᠢᠨ᠄ ᠪᠠᠲᠤᠰᠦ᠋ᠬᠡ᠂ coverby ᠮᠣᠨᠢᠨ᠂ ᠠᠷᠢᠭᠤᠨ᠎ᠠ᠂ ᠨᠠᠷᠠᠨᠮᠠᠨᠳᠤᠯ᠎ᠠ
ᠨᠠᠨᠳᠢᠨ ᠴᠡᠩᠬᠡᠷ ᠲᠩᠷᠢ ᠪᠡᠨ ᠬᠠᠢᠷᠠᠯᠠᠭᠠᠷᠠᠢ
ᠨᠠᠮᠤᠷ ᠤ᠋ᠨ ᠪᠤᠳᠠᠩ ᠪᠦᠷᠬᠦᠴᠢᠬᠡᠨᠡ ᠠᠢ ᠬᠥᠭᠡᠷᠦᠬᠦᠢ
ᠨᠠᠰᠤᠨ ᠥᠨᠳᠥᠷ ᠠᠪᠤ ᠡᠵᠢ ᠪᠡᠨ ᠬᠠᠢᠷᠠᠯᠠᠭᠠᠷᠠᠢ
ᠨᠡᠷᠡᠲᠦ ᠶ᠋ᠢᠨ ᠵᠠᠮ ᠨᠢ ᠪᠤᠯᠢᠶᠠᠴᠢᠬᠠᠨᠠ ᠠᠢ ᠬᠥᠭᠡᠷᠦᠬᠦᠢ
ᠭᠡᠭᠡᠨ ᠳᠣᠷᠣᠨ᠎ᠠ ᠶ᠋ᠢᠨ ᠰᠠᠷᠠᠨ ᠢ᠋ ᠬᠠᠢᠷᠠᠯᠠᠭᠠᠷᠠᠢ
ᠭᠡᠷᠡᠯᠲᠦ ᠲᠤᠶᠠᠭ᠎ᠠ ᠪᠠᠨ ᠬᠤᠮᠢᠴᠢᠬᠠᠨᠠ ᠠᠢ ᠬᠥᠭᠡᠷᠦᠬᠦᠢ
ᠵᠠᠯᠠᠭᠤᠬᠠᠨ ᠠᠮᠠᠷᠠᠭ ᠢ᠋ᠶ᠋ᠠᠨ ᠠᠭᠤᠴᠢᠯᠠᠵᠤ ᠬᠠᠢᠷᠠᠯᠠᠭᠠᠷᠠᠢ
ᠽᠠᠮᠪᠤᠯᠢᠩ ᠤ᠋ᠨ ᠤᠷᠤᠰᠬᠠᠯ ᠡᠯᠡᠭᠡᠴᠢᠬᠡᠨᠡ ᠠᠢ ᠬᠥᠭᠡᠷᠦᠬᠦᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠡᠭᠡᠨ ᠲᠡᠪᠡᠷᠢᠨ ᠬᠠᠢᠷᠠᠯᠠᠭᠠᠷᠠᠢ
ᠬᠥᠬᠡ ᠣᠭᠲᠠᠷᠭᠤᠢ ᠶ᠋ᠢᠨ ᠴᠡᠪᠡᠷ ᠠᠭᠠᠷ ᠢ᠋ ᠬᠦᠨᠡᠰᠦ ᠭᠡᠮᠡᠨ ᠬᠠᠢᠷᠠᠯᠠᠶ᠎ᠠ
ᠬᠥᠷᠥᠰᠥᠲᠦ ᠶᠢᠷᠲᠢᠨᠴᠦ ᠶ᠋ᠢᠨ ᠤᠰᠤ ᠮᠥᠷᠡᠨ ᠢ᠋ᠶ᠋ᠡᠨ ᠷᠠᠰᠢᠶᠠᠨ ᠭᠡᠮᠡᠨ ᠬᠠᠢᠷᠠᠯᠠᠶ᠎ᠠ
ᠬᠦᠢᠰᠦ ᠪᠣᠯᠤᠭᠰᠠᠨ ᠥᠯᠥᠭᠡᠢ ᠨᠤᠲᠤᠭ ᠤ᠋ᠨ ᠰᠢᠷᠣᠢ ᠪᠠᠨ ᠠᠯᠲᠠᠨ ᠠ᠋ᠴᠠ ᠢᠯᠡᠭᠦᠦ ᠬᠠᠢᠷᠠᠯᠠᠶ᠎ᠠ
ᠬᠥᠮᠦᠨ ᠦ᠌ ᠶᠢᠷᠲᠢᠨᠴᠦ ᠳ᠋ᠦ᠍ ᠠᠮᠢ ᠰᠣᠶᠣᠷᠬᠠᠭᠰᠠᠨ ᠠᠪᠤ ᠡᠵᠢ ᠪᠡᠨ ᠮᠡᠯᠮᠡᠢ ᠰᠢᠭ ᠢ᠋ᠶ᠋ᠡᠨ ᠬᠠᠢᠷᠠᠯᠠᠶ᠎ᠠ
ᠠᠮᠢᠳᠤᠷᠠᠯ ᠤ᠋ᠨ ᠵᠢᠷᠭᠠᠯ ᠵᠣᠪᠠᠯᠠᠩ ᠬᠣᠯᠪᠣᠭᠰᠠᠨ ᠠᠮᠠᠷᠠᠭ ᠬᠠᠨᠢ ᠪᠠᠨ ᠬᠠᠢᠷᠠᠯᠠᠶ᠎ᠠ
ᠠᠮᠢ ᠨᠠᠰᠤᠨ ᠤ᠋ ᠮᠢᠨᠢ ᠦᠷᠭᠦᠯᠵᠢᠯᠡᠯ ᠪᠣᠯᠤᠭᠰᠠᠨ ᠠᠯᠠᠭ ᠦᠷ᠎ᠡ ᠪᠡᠨ ᠴᠦ᠍ ᠬᠠᠢᠷᠠᠯᠠᠶ᠎ᠠ
ᠠᠵᠢᠯ ᠰᠤᠷᠤᠯᠭ᠎ᠠ ᠳ᠋ᠤ᠌ ᠮᠢᠨᠢ ᠵᠣᠷᠢᠭᠵᠢᠭᠤᠯᠤᠯ ᠡᠷᠴᠢ ᠬᠦᠴᠦ ᠥᠭᠳᠡᠭ ᠠᠨᠳᠠ ᠨᠠᠢᠵᠠ ᠪᠠᠨ ᠬᠠᠢᠷᠠᠯᠠᠶ᠎ᠠ
ᠠᠮᠢᠨ ᠡᠭᠡᠰᠢᠭ ᠪᠣᠯᠤᠭᠰᠠᠨ ᠠᠶᠠᠯᠭᠤ ᠰᠠᠢᠬᠠᠨ ᠡᠬᠡ ᠬᠡᠯᠡ ᠪᠡᠨ ᠬᠠᠢᠷᠠᠯᠠᠶ᠎ᠠ
ᠰᠠᠢᠬᠠᠨ ᠴᠠᠭᠠᠨ ᠡᠭᠦᠯᠡᠰ ᠢ᠋ ᠬᠠᠢᠷᠠᠯᠠᠭᠠᠷᠠᠢ
ᠰᠠᠯᠬᠢᠨ ᠤ᠋ ᠠᠶᠠᠰ ᠢ᠋ᠶ᠋ᠠᠷ ᠰᠠᠷᠨᠢᠴᠢᠬᠠᠨᠠ ᠠᠢ ᠬᠥᠭᠡᠷᠦᠬᠦᠢ
ᠵᠣᠷᠢᠭ ᠢ᠋ᠶ᠋ᠠᠷ ᠣᠯᠳᠠᠳᠠᠭ ᠦᠭᠡᠢ ᠠᠮᠢᠳᠤᠷᠠᠯ ᠢ᠋ᠶ᠋ᠠᠨ ᠬᠠᠢᠷᠠᠯᠠᠭᠠᠷᠠᠢ
ᠵᠣᠪᠠᠯᠠᠩ ᠵᠢᠷᠭᠠᠯ ᠬᠤᠪᠢᠶᠠᠴᠢᠬᠠᠨᠠ ᠠᠢ ᠬᠥᠭᠡᠷᠦᠬᠦᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠡᠭᠡᠨ ᠲᠡᠪᠡᠷᠢᠨ ᠬᠠᠢᠷᠠᠯᠠᠭᠠᠷᠠᠢ
ᠭᠤᠨᠢᠭ ᠲᠠᠢ ᠰᠡᠳᠬᠢᠯ ᠢ᠋ ᠠᠷᠭᠠᠳᠠᠵᠤ ᠬᠠᠢᠷᠠᠯᠠᠭᠠᠷᠠᠢ
ᠨᠢᠯᠪᠤᠰᠤ ᠲᠠᠢ ᠨᠢᠳᠦ ᠶ᠋ᠢ ᠠᠷᠴᠢᠵᠤ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠡᠭᠡᠨ ᠲᠡᠪᠡᠷᠢᠨ ᠬᠠᠢᠷᠠᠯᠠᠭᠠᠷᠠᠢ
ᠴᠢ ᠪᠢᠳᠡᠨ ᠦ᠌ ᠣᠷᠴᠢᠯᠠᠩ ᠭᠠᠭᠴᠠᠬᠠᠨ ᠰᠢᠦ
ᠠᠮᠢᠳᠤᠷᠠᠯ ᠢ᠋ ᠵᠢᠷᠦᠬᠡᠨ ᠳ᠋ᠡᠭᠡᠨ ᠲᠡᠪᠡᠷᠢᠨ ᠬᠠᠢᠷᠠᠯᠠᠭᠠᠷᠠᠢ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠸ᠎ᠠ
