ᠵᠢᠷᠦᠬᠡᠨ ᠦ᠌ ᠬᠣᠩᠭᠣᠷ ᠪᠠᠭᠠᠷᠢᠨ-ᠰᠡᠴᠡᠨᠪᠢᠯᠢᠭЗүрхний хонгор бааарин-Цэцэнбилиг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠦ᠌ ᠬᠣᠩᠭᠣᠷ ᠪᠠᠭᠠᠷᠢᠨ-ᠰᠡᠴᠡᠨᠪᠢᠯᠢᠭЗүрхний хонгор бааарин-Цэцэнбилиг

ᠵᠢᠷᠦᠬᠡᠨ ᠦ᠌ ᠬᠣᠩᠭᠣᠷ ᠪᠠᠭᠠᠷᠢᠨ-ᠰᠡᠴᠡᠨᠪᠢᠯᠢᠭЗүрхний хонгор бааарин-Цэцэнбилиг

ᠠᠩᠭᠢᠯᠠᠯ:ᠳᠠᠭᠤᠤ ᠬᠥᠭᠵᠢᠮ
2024-10-12

1649

ᠵᠢᠷᠦᠬᠡᠨ ᠦ᠌ ᠬᠣᠩᠭᠣᠷ ᠪᠠᠭᠠᠷᠢᠨ 

   ᠦᠭᠡ᠄ ᠬᠠᠲᠠᠨᠪᠠᠭᠠᠲᠤᠷ 
   ᠠᠶ᠎ᠠ᠄ ᠰᠡᠴᠡᠨᠴᠣᠭᠲᠤ 
   ᠳᠠᠭᠤᠴᠢᠨ᠄ ᠰᠡᠴᠡᠨᠪᠢᠯᠢᠭ 
ᠡᠷᠲᠡ ᠳᠡᠭᠡᠳᠦ ᠡᠴᠡ ᠰᠢᠲᠦᠯᠭᠡ ᠲᠡᠢ ᠰᠠᠢᠬᠠᠨ ᠬᠠᠨ ᠮᠢᠨᠢ 
ᠡᠷᠳᠡᠨᠢᠲᠦ ᠰᠦᠷᠦᠭ ᠦ᠋ᠳ ᠰᠢᠳᠬᠡᠭᠰᠡᠨ ᠳᠠᠷᠠᠰᠤᠲᠤ ᠶ᠋ᠢᠨ ᠲᠠᠯ᠎ᠠ ᠲᠠᠢ 
ᠠᠷᠢᠭᠤᠨ ᠤᠷᠤᠰᠬᠠᠯ ᠢ᠋ᠶ᠋ᠠᠷ ᠮᠢᠷᠠᠯᠵᠠᠭᠰᠠᠨ ᠴᠠᠭᠠᠨ ᠮᠥᠷᠡᠨ ᠲᠡᠢ 
ᠠᠶᠠᠨ ᠤ᠋ ᠬᠣᠯᠠ ᠠ᠋ᠴᠠ ᠭᠢᠯᠠᠯᠵᠠᠭᠰᠠᠨ ᠴᠠᠭᠠᠨ ᠰᠤᠪᠤᠷᠭ᠎ᠠ ᠲᠠᠢ 
ᠲᠠᠯ᠎ᠠ ᠶ᠋ᠢᠨ ᠴᠡᠩᠬᠡᠷ ᠰᠢᠭᠦᠳᠡᠷᠢ ᠳ᠋ᠦ᠍ ᠨᠢ 
ᠲᠣᠭᠯᠠᠵᠤ ᠥᠰᠦᠭᠰᠡᠨ ᠪᠣᠯᠬᠣᠷ ᠢ᠋ᠶ᠋ᠠᠨ 
ᠲᠠᠨᠢᠯ ᠳᠠᠭᠤ ᠪᠠᠨ ᠬᠣᠯᠠᠳᠠᠭᠠᠬᠣ ᠦᠭᠡᠢ 
ᠵᠡᠭᠦᠳᠦᠨ ᠳ᠋ᠦ᠍ ᠲᠣᠷᠮᠣᠢᠭᠰᠠᠨ ᠥᠯᠥᠭᠡᠢ 
ᠵᠢᠷᠦᠬᠡᠨ ᠦ᠌ ᠬᠣᠩᠭᠣᠷ ᠪᠠᠭᠠᠷᠢᠨ

ᠲᠠᠮᠢᠷ ᠤᠬᠠᠭᠠᠨ ᠤᠷᠭᠤᠭᠤᠯᠤᠭᠰᠠᠨ ᠰᠠᠢᠨᠵᠠᠩᠲᠤ ᠬᠠᠢᠷᠬᠠᠨ ᠮᠢᠨᠢ
ᠳᠣᠮᠣᠭ ᠦᠨᠡᠨ ᠬᠣᠣᠰᠯᠠᠭᠰᠠᠨ ᠭᠡᠰᠡᠷ ᠦ᠋ᠨ ᠲᠤᠤᠯᠢ ᠲᠠᠢ
ᠲᠩᠷᠢ ᠶ᠋ᠢᠨ ᠣᠷᠣᠨ ᠠ᠋ᠴᠠ ᠰᠣᠶᠣᠷᠬᠠᠭᠰᠠᠨ ᠲᠡᠨᠢᠭᠡᠷ ᠡᠷᠳᠡᠨᠢᠰ ᠲᠡᠢ
ᠲᠦᠭᠡᠮᠡᠯ ᠬᠠᠢᠷ᠎ᠠ ᠪᠠᠨ ᠱᠦᠭᠯᠡᠭᠰᠡᠨ ᠭᠦᠩᠵᠦ ᠶ᠋ᠢᠨ ᠰᠠᠬᠢᠭᠤᠰᠤ ᠲᠠᠢ
ᠲᠠᠯ᠎ᠠ ᠶ᠋ᠢᠨ ᠴᠡᠩᠬᠡᠷ ᠰᠢᠭᠦᠳᠡᠷᠢ ᠳ᠋ᠦ᠍ ᠨᠢ
ᠲᠣᠭᠯᠠᠵᠤ ᠥᠰᠦᠭᠰᠡᠨ ᠪᠣᠯᠬᠣᠷ ᠢ᠋ᠶ᠋ᠠᠨ
ᠲᠠᠨᠢᠯ ᠳᠠᠭᠤ ᠪᠠᠨ ᠬᠣᠯᠠᠳᠠᠭᠠᠬᠣ ᠦᠭᠡᠢ
ᠵᠡᠭᠦᠳᠦᠨ ᠳ᠋ᠦ᠍ ᠲᠣᠷᠮᠣᠢᠭᠰᠠᠨ ᠥᠯᠥᠭᠡᠢ
ᠵᠢᠷᠦᠬᠡᠨ ᠦ᠌ ᠬᠣᠩᠭᠣᠷ ᠪᠠᠭᠠᠷᠢᠨ
ᠠ ᠠ ᠠ ᠁

ᠪᠠᠶᠠᠨ ᠴᠢᠩᠰᠠᠩ ᠠ᠋ᠴᠠ ᠤᠳᠤᠮ ᠲᠠᠢ ᠣᠮᠣᠭᠲᠤ ᠪᠠᠭᠠᠷᠢᠨ
ᠪᠣᠯᠣᠷ ᠡᠷᠢᠭᠡ ᠶ᠋ᠢ ᠰᠣᠨᠳᠣᠷᠯᠠᠭᠰᠠᠨ ᠰᠤᠤᠲᠤ ᠬᠥᠮᠦᠰ ᠲᠡᠢ
ᠪᠣᠷᠣᠭᠠᠨ ᠬᠤᠷ᠎ᠠ ᠪᠠᠷ ᠠᠮᠢᠯᠠᠭᠰᠠᠨ ᠬᠠᠯᠠᠭᠤᠨ ᠰᠢᠷᠣᠢ ᠲᠠᠢ
ᠪᠤᠶᠠᠨ ᠵᠠᠶᠠᠭ᠎ᠠ ᠨᠢ ᠳᠡᠯᠭᠡᠷᠡᠭᠰᠡᠨ ᠬᠥᠮᠦᠨ ᠵᠤᠨ ᠲᠠᠢ
ᠲᠠᠯ᠎ᠠ ᠶ᠋ᠢᠨ ᠴᠡᠩᠬᠡᠷ ᠰᠢᠭᠦᠳᠡᠷᠢ ᠳ᠋ᠦ᠍ ᠨᠢ
ᠲᠣᠭᠯᠠᠵᠤ ᠥᠰᠦᠭᠰᠡᠨ ᠪᠣᠯᠬᠣᠷ ᠢ᠋ᠶ᠋ᠠᠨ
ᠲᠠᠨᠢᠯ ᠳᠠᠭᠤ ᠪᠠᠨ ᠬᠣᠯᠠᠳᠠᠭᠠᠬᠣ ᠦᠭᠡᠢ
ᠵᠡᠭᠦᠳᠦᠨ ᠳ᠋ᠦ᠍ ᠲᠣᠷᠮᠣᠢᠭᠰᠠᠨ ᠥᠯᠥᠭᠡᠢ
ᠵᠢᠷᠦᠬᠡᠨ ᠦ᠌ ᠬᠣᠩᠭᠣᠷ ᠪᠠᠭᠠᠷᠢᠨ
ᠲᠠᠯ᠎ᠠ ᠶ᠋ᠢᠨ ᠴᠡᠩᠬᠡᠷ ᠰᠢᠭᠦᠳᠡᠷᠢ ᠳ᠋ᠦ᠍ ᠨᠢ
ᠲᠣᠭᠯᠠᠵᠤ ᠥᠰᠦᠭᠰᠡᠨ ᠪᠣᠯᠬᠣᠷ ᠢ᠋ᠶ᠋ᠠᠨ
ᠲᠠᠨᠢᠯ ᠳᠠᠭᠤ ᠪᠠᠨ ᠬᠣᠯᠠᠳᠠᠭᠠᠬᠣ ᠦᠭᠡᠢ
ᠵᠡᠭᠦᠳᠦᠨ ᠳ᠋ᠦ᠍ ᠲᠣᠷᠮᠣᠢᠭᠰᠠᠨ ᠥᠯᠥᠭᠡᠢ
ᠵᠢᠷᠦᠬᠡᠨ ᠦ᠌ ᠬᠣᠩᠭᠣᠷ ᠪᠠᠭᠠᠷᠢᠨ
ᠵᠢᠷᠦᠬᠡᠨ ᠦ᠌ ᠬᠣᠩᠭᠣᠷ ᠪᠠᠭᠠᠷᠢᠨ

   ᠦᠰᠦᠭ ᠠᠮᠢᠯᠠᠭᠤᠯᠤᠨ ᠬᠠᠲᠠᠭᠴᠢ᠄ ᠰᠡᠴᠡᠡᠪᠠᠲᠦ
   ᠬᠢᠨᠠᠭᠴᠢ᠄ ᠡᠩᠬᠡᠮᠡᠨᠳᠦ