ᠬᠣᠶᠠᠷ ᠣᠪᠣᠭ᠎ᠠ -ᠨᠠᠰᠤᠨᠴᠢᠮᠡᠭ Хоёр овоо-Насончимэг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠣᠪᠣᠭ᠎ᠠ -ᠨᠠᠰᠤᠨᠴᠢᠮᠡᠭ Хоёр овоо-Насончимэг

ᠬᠣᠶᠠᠷ ᠣᠪᠣᠭ᠎ᠠ -ᠨᠠᠰᠤᠨᠴᠢᠮᠡᠭ Хоёр овоо-Насончимэг

2024-10-09

1239

ᠬᠣᠶᠠᠷ ᠣᠪᠣᠭ᠎ᠠ

     ᠤᠷᠠᠳ ᠠᠷᠠᠳ ᠤ᠋ᠨ ᠳᠠᠭᠤᠤ 
     ᠳᠠᠭᠤᠴᠢᠨ᠄ ᠨᠠᠰᠤᠨᠴᠢᠮᠡᠭ 

ᠬᠣᠯᠠ ᠶ᠋ᠢᠨ ᠭᠠᠵᠠᠷ ᠠ᠋ᠴᠠ ᠬᠠᠷᠠᠭᠳᠠᠭᠠᠳ ᠪᠠᠢᠳᠠᠭ ᠨᠢ 
ᠬᠣᠶᠠᠷ ᠣᠪᠣᠭ᠎ᠠ ᠪᠠᠢᠨ᠎ᠠ 
ᠬᠣᠨᠣᠭᠤᠲᠠ ᠥᠨᠵᠢᠭᠦᠲᠡ ᠪᠣᠳᠣᠭᠳᠠᠭᠠᠳ ᠪᠠᠢᠳᠠᠭ ᠨᠢ 
ᠠᠪᠤ ᠡᠵᠢ ᠬᠣᠶᠠᠷ ᠮᠢᠨᠢ 

ᠰᠠᠷᠠᠭᠤᠯ ᠲᠤᠩᠭᠠᠯᠠᠭ  ᠰᠠᠨᠠᠭᠳᠠᠭᠠᠳ ᠪᠠᠢᠳᠠᠭ ᠨᠢ 
ᠰᠠᠢᠬᠠᠨ ᠨᠤᠲᠤᠭ ᠮᠢᠨᠢ ᠪᠠᠢᠨ᠎ᠠ 
ᠰᠠᠨᠠᠭ᠎ᠠ ᠰᠡᠳᠬᠢᠯ ᠢ᠋ ᠤᠬᠠᠭᠠᠷᠠᠭᠤᠯᠤᠭᠠᠳ ᠪᠠᠢᠳᠠᠭ ᠨᠢ 
ᠠᠪᠤ ᠡᠵᠢ ᠬᠣᠶᠠᠷ ᠮᠢᠨᠢ

ᠡᠳᠦᠷ ᠦ᠋ᠨ ᠭᠠᠵᠠᠷ ᠠ᠋ᠴᠠ ᠬᠠᠷᠠᠭᠳᠠᠭᠠᠳ ᠪᠠᠢᠳᠠᠭ ᠨᠢ
ᠥᠪᠡᠷ ᠦ᠋ᠨ ᠨᠤᠲᠤᠭ ᠮᠢᠨᠢ ᠪᠠᠢᠨ᠎ᠠ
ᠡᠳᠦᠷ ᠰᠥᠨᠢ ᠦᠭᠡᠢ ᠪᠣᠳᠣᠭᠳᠠᠭᠠᠳ ᠪᠠᠢᠳᠠᠭ  ᠨᠢ
ᠡᠵᠢ ᠠᠪᠤ ᠬᠣᠶᠠᠷ ᠮᠢᠨᠢ

   ᠦᠰᠦᠭ ᠠᠮᠢᠯᠠᠭᠤᠯᠤᠭᠴᠢ᠄ ᠪᠠᠶᠠᠨᠬᠠᠩᠭᠠᠢ
   ᠦᠰᠦᠭ ᠬᠠᠲᠠᠭᠴᠢ᠄  ᠪᠠᠶᠠᠨᠬᠠᠩᠭᠠᠢ
   ᠬᠢᠨᠠᠭᠴᠢ᠄  ᠣᠳᠬᠠᠨᠰᠸ᠎ᠠ