ᠨᠡᠭᠡᠭᠡᠭᠰᠡᠨ ᠬᠠᠩᠰᠢ ᠶ᠋ᠢᠨ ᠤᠴᠢᠷНээсэн хансийн очир
ᠨᠡᠭᠡᠭᠡᠭᠰᠡᠨ ᠬᠠᠩᠰᠢ ᠶ᠋ᠢᠨ ᠤᠴᠢᠷ
ᠨᠡᠭᠡᠭᠡᠭᠰᠡᠨ ᠬᠠᠩᠰᠢ ᠨᠢ ᠮᠣᠩᠭᠣᠯ ᠵᠢᠷᠤᠬᠠᠢ ᠶ᠋ᠢᠨ ᠤᠬᠠᠭᠠᠨ ᠤ᠋《ᠬᠣᠷᠢᠨ ᠳᠥᠷᠪᠡᠨ ᠲᠣᠬᠢᠶᠠᠯ ( ᠠᠮᠢᠰᠬᠤᠯ )》 ᠤ᠋ᠨ ᠨᠢᠭᠡ ᠪᠣᠯᠬᠤ ᠪᠥᠭᠡᠳ ᠡᠨᠡ ᠡᠳᠦᠷ ᠨᠦᠭᠴᠢᠭᠰᠡᠳ ᠢ᠋ᠶ᠋ᠡᠨ ᠮᠥᠷᠥᠭᠡᠳᠦᠨ ᠳᠤᠷᠠᠰᠬᠠᠬᠤ ᠦᠢᠯᠡ ᠦᠢᠯᠡᠳᠬᠦ ᠪᠣᠯᠤᠨ᠎ᠠ᠃ ᠮᠠᠰᠢ ᠣᠯᠠᠨ ᠬᠥᠮᠦᠰ 《ᠬᠠᠩᠰᠢ ᠭᠡᠬᠦ ᠦᠭᠡ ᠶ᠋ᠢ ᠬᠢᠲᠠᠳ ᠪᠤᠶᠤ ᠲᠥᠪᠡᠳ ᠡᠰᠡᠬᠦᠯ᠎ᠡ ᠮᠠᠨᠵᠤ ᠦᠭᠡ ᠡᠴᠡ ᠲᠠᠢᠯᠪᠤᠷᠢ ᠡᠷᠢᠵᠦ ᠣᠨᠣᠪᠴᠢᠲᠠᠢ ᠲᠠᠢᠯᠪᠤᠷᠢᠯᠠᠬᠤ ᠪᠠᠷ ᠣᠷᠣᠯᠳᠣᠭᠰᠠᠨ ᠪᠣᠯᠪᠠᠴᠤ ᠴᠥᠮ ᠪᠦᠲᠦᠯ ᠦᠭᠡᠢᠳᠡᠭᠰᠡᠨ ᠪᠠᠢᠳᠠᠭ᠃ ᠤᠴᠢᠷ ᠨᠢ ᠡᠨᠡ ᠦᠭᠡ ᠨᠢ ᠮᠣᠩᠭᠣᠯ ᠦᠭᠡᠨ ᠦ᠌《ᠬᠠᠩ》 ᠢᠵᠠᠭᠤᠷ ᠲᠠᠢ ᠦᠭᠡ ᠪᠣᠯᠬᠤ ᠬᠠᠩᠰᠢᠬᠤ (ᠬᠤᠷᠴᠠ ᠦᠨᠦᠷ ᠰᠡᠷᠡᠭᠳᠡᠬᠦ)᠂ ᠬᠠᠩᠰᠢᠶᠠᠷ᠂᠃ ᠬᠠᠩᠬᠤᠯᠤᠮ᠎ᠠ ᠵᠡᠷᠭᠡ ᠦᠭᠡᠰ ᠰᠢᠭ ᠢ᠋ᠶ᠋ᠡᠷ ᠳᠠᠭᠠᠪᠤᠷᠢ ᠵᠠᠯᠭᠠᠵᠤ ᠡᠭᠦᠰᠦᠭᠰᠡᠨ ᠦᠭᠡ ᠪᠣᠯᠤᠨ᠎ᠠ᠃
ᠪᠢᠯᠢᠭᠦᠨ ᠨᠣᠮᠴᠢ ᠪᠢᠮᠪᠠ ᠶ᠋ᠢᠨ ᠷᠢᠨᠴᠢᠨ ᠦ᠌ ᠰᠤᠳᠤᠯᠭᠠᠨ ᠳ᠋ᠤ᠌ 《ᠵᠠᠷᠢᠮ ᠬᠠᠭᠤᠴᠢᠨ ᠰᠤᠳᠤᠷ ᠲᠤ ᠬᠠᠩᠰᠢᠭᠤ ᠂ ᠭᠡᠳᠡᠭ ᠦᠭᠡ ᠭᠠᠷᠬᠤ ᠶ᠋ᠢ ᠪᠢ ᠦᠵᠡᠵᠡᠢ᠃ ᠤᠳᠬ᠎ᠠ ᠶ᠋ᠢ ᠨᠢ ᠠᠵᠢᠬᠤ ᠳ᠋ᠤ᠌ ᠬᠡᠩᠰᠢᠭᠦᠦ ᠭᠡᠰᠡᠨ ᠤᠳᠬ᠎ᠠ ᠲᠠᠢ ᠦᠭᠡ᠂ ᠰᠤᠳᠤᠷ ᠪᠢᠴᠢᠭ ᠦ᠋ᠨ ᠬᠦᠷᠢᠶᠡᠯᠡᠩ ᠦ᠋ᠨ ᠪᠠᠲᠤᠤᠴᠢᠷ ( ᠪᠠᠲᠤᠸᠴᠢᠷ) ᠱᠠᠲᠠᠷ ( ᠰᠢᠳᠠᠷ) ᠭᠤᠸᠠᠢ ᠶ᠋ᠢᠨ ᠠᠮᠢᠨ ᠤ᠋ ᠨᠣᠮ ᠤ᠋ᠨ ᠰᠠᠩ ᠤ᠋ᠨ ᠥᠴᠢᠭ ᠲᠠᠬᠢᠯᠭ᠎ᠠ ᠶ᠋ᠢᠨ ᠬᠤᠯᠤᠰᠤᠨ ᠦᠵᠦᠭ ᠦ᠋ᠨ ᠨᠢᠭᠡ ᠪᠢᠴᠢᠬᠠᠨ ᠰᠤᠳᠤᠷ ᠲᠤ ᠪᠠᠢᠭᠰᠠᠨ ᠪᠢᠯᠡ᠃ ᠲᠡᠷᠡ ᠬᠠᠩᠰᠢᠭᠤ ᠭᠡᠬᠦ ᠦᠭᠡ ᠪᠡᠷ ᠪᠣᠳᠣᠬᠤ ᠳ᠋ᠤ᠌ ᠬᠡᠩᠰᠢᠭᠦᠦ ᠭᠡᠳᠡᠭ ᠦᠭᠡ ᠮᠠᠨᠢ ᠠ — ᠠ᠋ ᠰᠡᠯᠭᠦᠭᠰᠡᠨ ᠪᠠᠢᠳᠠᠯ ᠠ᠋ᠴᠠ ᠪᠣᠢ ᠪᠣᠯᠤᠭᠰᠠᠨ ᠨᠢ ᠴᠠᠭᠠᠨ᠂ ᠴᠡᠭᠡᠨ— ᠴᠠᠭ᠎ᠠ᠂ ᠴᠡᠭᠡ ᠭᠡᠳᠡᠭ ᠲᠡᠢ ᠵᠦᠢ ᠲᠣᠭᠲᠠᠭᠠᠯ ᠨᠢᠭᠡ ᠲᠡᠢ ᠦᠵᠡᠭᠳᠡᠯ ᠪᠥᠭᠡᠳ ᠪᠠᠢᠭᠠᠯ ᠤ᠋ᠨ ᠬᠣᠢᠲᠤ ᠪᠡᠶ᠎ᠡ ᠶ᠋ᠢᠨ ᠪᠤᠷᠢᠶᠠᠳ ᠠᠶᠠᠯᠭᠤᠨ᠎ᠠ х н ш у у х а н ᠭᠡᠳᠡᠭ ᠦᠭᠡ ᠪᠣᠢ ᠶ᠋ᠢ ᠪᠣᠳᠣᠪᠠᠯ᠂ ᠬᠠᠩᠰᠢᠭᠤ— ᠬᠡᠩᠰᠢᠭᠦᠦ— ᠬᠣᠩᠰᠢᠭᠤ ᠭᠡᠳᠡᠭ ᠢᠵᠠᠭᠤᠷ ᠭᠠᠷᠤᠯ ᠨᠢᠭᠡ᠂ ᠤᠳᠬ᠎ᠠ ᠴᠤ᠌ ᠨᠢᠭᠡ᠂ ᠭᠠᠭᠴᠠ ᠬᠦ᠌ ᠠᠪᠢᠶ᠎ᠠ ᠰᠡᠯᠭᠦᠬᠦ ᠶ᠋ᠢᠨ ᠦᠵᠡᠭᠳᠡᠯ ᠢ᠋ᠶ᠋ᠡᠷ ᠢᠯᠭᠠᠷᠠᠭᠰᠠᠨ ᠦᠭᠡ ᠠᠵᠢ ( ᠠᠵᠠᠢ᠂ ᠪᠠᠢᠵᠠᠢ)᠃ ᠬᠡᠩᠰᠢᠭᠦᠦ ᠭᠡᠳᠡᠭ ᠦ᠋ᠨ ᠤᠯᠠᠮ ᠠ᠋ᠴᠠ ᠪᠠᠰᠠ ᠮᠠᠨ ᠤ᠋ ᠬᠡᠯᠡᠨ᠎ᠡ ᠶ᠋ᠢᠨ ᠰᠡᠩᠭᠢᠨᠡᠬᠦ ᠭᠡᠳᠡᠭ ᠦᠭᠡ ᠪᠣᠢ ᠶ᠋ᠢᠨ ᠢᠵᠠᠭᠤᠷ ᠰᠠᠩ ᠭᠡᠳᠡᠭ ᠨᠢ ᠬᠠᠩᠰᠢᠭᠤ᠂ ᠬᠠᠩᠭᠢᠨᠠᠬᠤ᠂ ᠬᠠᠩᠬᠤᠯᠬᠤ ᠭᠡᠳᠡᠭ ᠲᠡᠢ ᠭᠠᠷᠤᠯ ᠤ᠋ᠨ ᠬᠣᠯᠪᠣᠭᠳᠠᠯ ᠲᠠᠢ ᠪᠥᠭᠡᠳ ᠬᠠᠩᠭᠢᠨᠠᠬᠤ᠂ ᠰᠡᠩᠭᠢᠨᠡᠬᠦ ᠭᠡᠵᠦ ᠬᠣᠯᠪᠣᠨ ᠬᠡᠯᠡᠯᠴᠡᠳᠡᠭ ᠨᠢ ᠪᠠᠰᠠ ᠤᠴᠢᠷ ᠲᠠᠢ ᠠᠵᠢ》 ᠭᠡᠵᠦ ᠥᠭᠦᠯᠡᠭᠰᠡᠨ ᠪᠠᠢᠳᠠᠭ᠃
ᠠᠷᠠᠳ ᠤ᠋ᠨ ᠶᠠᠷᠢᠶᠠᠨ ᠳ᠋ᠤ᠌ ᠳᠡᠯᠡᠬᠡᠢ ᠶ᠋ᠢᠨ ᠪᠥᠮᠪᠥᠷᠴᠡᠭ ᠨᠢ ᠴᠠᠭᠠᠨ ᠨᠢᠭᠤᠭᠳᠠᠯ ( ᠵᠠᠷᠢᠮ ᠬᠥᠮᠦᠨ ᠦ᠌ ᠬᠡᠯᠡᠬᠦ ᠹᠦ) ᠣᠷᠣᠬᠤ ᠪᠠᠷ ᠭᠠᠵᠠᠷ ᠳᠣᠣᠷ᠎ᠠ ᠠ᠋ᠴᠠ ᠪᠠᠨ ᠬᠥᠯᠳᠡᠵᠦ ᠡᠬᠢᠯᠡᠳᠡᠭ᠃ ᠶᠢᠰᠦ ᠣᠷᠣᠬᠤ ᠪᠠᠷ ᠢ᠋ᠶ᠋ᠠᠨ ᠭᠠᠵᠠᠷ ᠳᠣᠣᠷ᠎ᠠ ᠠ᠋ᠴᠠ ᠪᠠᠨ ᠭᠡᠰᠴᠦ ᠡᠬᠢᠯᠡᠬᠦ ᠪᠡᠷ ᠨᠡᠭᠡᠭᠡᠭᠰᠡᠨ ᠬᠠᠩᠰᠢ ᠪᠣᠯᠬᠤ ᠳ᠋ᠤ᠌ ᠭᠠᠵᠠᠷ ᠤ᠋ᠨ ᠬᠥᠷᠥᠰᠥ ᠨᠡᠢᠳᠡᠮ ᠳ᠋ᠦ᠍ ᠪᠡᠨ ᠭᠡᠰᠴᠦ ᠭᠠᠵᠠᠷ ᠤ᠋ᠨ ᠴᠢᠭᠢᠭ ᠳᠡᠭᠳᠡᠨ ᠬᠥᠷᠥᠰᠥᠨ ᠦᠨᠦᠷ ᠬᠠᠩ ᠲᠠᠲᠠᠬᠤ ᠪᠥᠭᠡᠳ ᠵᠡᠷᠭᠡᠯᠭᠡᠨ ᠲᠠᠲᠠᠬᠤ ᠦᠵᠡᠭᠳᠡᠯ ᠪᠣᠢ ᠪᠣᠯᠳᠠᠭ᠃ ᠶᠡᠷᠦᠩᠬᠡᠢ ᠳ᠋ᠦ᠍ ᠪᠡᠨ ᠭᠠᠵᠠᠷ ᠤ᠋ᠨ ᠡᠭᠦᠳᠡ ᠨᠡᠭᠡᠭᠡᠭᠳᠡᠨ ᠴᠢᠭᠢᠭ ᠠᠮᠢᠰᠬᠤᠯ ᠨᠢ ᠳᠡᠭᠳᠡᠨ ᠲᠩᠷᠢ ᠶ᠋ᠢᠨ ᠠᠭᠤᠷ ᠲᠠᠢ ᠨᠡᠢᠯᠡᠬᠦ ᠴᠠᠭ ᠬᠤᠭᠤᠴᠠᠭ᠎ᠠ ᠶ᠋ᠢ《ᠨᠡᠭᠡᠭᠡᠭᠰᠡᠨ ᠬᠠᠩᠰᠢ》 ᠭᠡᠳᠡᠭ᠃ ᠰᠢᠭᠦᠮᠵᠢᠯᠡᠨ ᠵᠢᠭᠠᠭᠲᠤᠨ᠃
—《ᠵᠠᠩ ᠣᠢᠯᠠᠪᠤᠷᠢ ᠶ᠋ᠢᠨ ᠵᠤᠭ᠎ᠠ》 ᠨᠣᠮ ᠠ᠋ᠴᠠ
ᠢᠷᠡᠯᠲᠡ᠄
ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠤ᠋ᠨ ᠲᠥᠪ
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠯᠲᠠ ᠬᠢᠭᠰᠡᠨ ᠪᠠᠭᠰᠢ᠄ ᠮᠥᠴᠢᠷ
