ᠰᠠᠨᠠᠭᠠᠳ ᠪᠠᠢᠳᠠᠭ ᠬᠣᠷᠸ᠎ᠠ- ᠣᠢᠭᠤᠳ ᠰᠠᠷᠠᠨᠲᠤᠨᠠᠯ Санаад байдаг хорвоо-Сарантунал
ᠰᠠᠨᠠᠭᠠᠳ ᠪᠠᠢᠳᠠᠭ ᠬᠣᠷᠸ᠎ᠠ
ᠦᠭᠡ᠄ ᠰᠣᠯᠣᠩᠭᠣᠳ ᠲᠣᠳᠣᠭᠡᠷᠡᠯ
ᠠᠶ᠎ᠠ᠄ ᠤᠷᠠᠳ ᠬᠥᠭᠵᠢᠯᠲᠦ
ᠳᠠᠭᠤᠴᠢᠨ᠄ ᠣᠢᠭᠤᠳ ᠰᠠᠷᠠᠨᠲᠤᠨᠠᠯ
ᠡᠪᠦᠯ ᠡᠪᠦᠯ ᠦ᠋ᠨ ᠴᠠᠰᠤᠨ ᠤ᠋ ᠴᠢᠮᠡᠭᠡ ᠦᠭᠡᠢ ᠨᠢᠭᠤᠴᠠᠬᠠᠨ ᠰᠢᠪᠡᠨᠡᠭᠡ ᠰᠢᠭ
ᠡᠵᠢ ᠠᠪᠤ ᠮᠢᠨᠢ ᠮᠥᠷᠥᠭᠡᠳᠦᠯ ᠰᠡᠬᠦᠭᠡᠳ᠂ ᠵᠡᠭᠦᠳᠦ ᠶ᠋ᠢ ᠡᠵᠡᠮᠳᠡᠨ᠎ᠡ
ᠲᠡᠢᠮᠦ ᠰᠠᠢᠬᠠᠨ ᠨᠤᠲᠤᠭ ᠲᠤ᠌ ᠪᠡᠨ ᠠᠬ᠎ᠠ ᠡᠭᠡᠴᠢ ᠲᠡᠢ ᠪᠡᠨ ᠲᠣᠭᠯᠠᠵᠤ ᠥᠰᠦᠭᠰᠡᠨ
ᠲᠡᠷᠡ ᠣᠯᠠᠨ ᠳᠤᠷᠠᠰᠤᠮᠵᠢ ᠡᠷᠢᠯ ᠪᠣᠯᠤᠨ ᠵᠢᠷᠦᠬᠡᠨ ᠳ᠋ᠦ᠍ ᠦᠯᠡᠳᠡᠵᠡᠢ
ᠭᠤᠷᠪᠠᠨ ᠬᠡᠦᠬᠡᠳ ᠦ᠋ᠨ ᠢ᠋ᠶ᠋ᠡᠨ ᠲᠥᠯᠥᠭᠡ ᠵᠦᠳᠡᠷᠡᠵᠦ ᠶᠠᠪᠤᠯ᠎ᠠ ᠂ ᠡᠵᠢ ᠠᠪᠤ
ᠬᠥᠨᠲᠥᠷᠴᠦ ᠪᠠᠢᠭ᠎ᠠ ᠠᠯᠬᠤᠭ᠎ᠠ ᠨᠢ᠂ ᠴᠠᠢᠷᠠᠵᠤ ᠪᠠᠢᠭ᠎ᠠ ᠭᠡᠵᠢᠭᠡ ᠨᠢ
ᠣᠨ ᠵᠢᠯ ᠦ᠋ᠨ ᠭᠦᠨ ᠲᠤᠩᠬᠠᠭ᠂ ᠬᠦᠯᠢᠴᠡᠯ ᠲᠡᠪᠴᠢᠶᠡᠷᠢ ᠶ᠋ᠢᠨ ᠠᠮᠢᠳᠤ ᠪᠢᠴᠢᠭᠡᠰᠦ
ᠡᠵᠢ ᠠᠪᠤ ᠮᠢᠨᠢ ᠠᠮᠢᠳᠤᠷᠠᠯ ᠤ᠋ᠨ ᠮᠢᠨᠢ ᠲᠦᠰᠢᠭ
ᠳᠠᠭᠤ ᠦᠭᠡᠢ ᠬᠠᠷᠠᠴᠠ ᠨᠢ ᠦᠯᠢᠭᠡᠷ ᠪᠠᠢᠭᠰᠠᠨ
ᠴᠢᠮᠡᠭᠡ ᠦᠭᠡᠢ ᠨᠢᠯᠪᠤᠰᠤ ᠨᠢ ᠠᠮᠢᠳᠤᠷᠠᠯ ᠪᠠᠢᠭᠰᠠᠨ
ᠵᠢᠷᠭᠠᠯ ᠲᠠᠢ ᠣᠷᠴᠢᠯᠠᠩ ᠨᠢ ᠪᠢ ᠪᠠᠢᠭᠰᠠᠨ (ᠰᠠᠨᠠᠭᠠᠳ ᠪᠠᠢᠳᠠᠭ ᠬᠣᠷᠸ᠎ᠠ )
ᠡᠭᠡᠴᠢ ᠳᠡᠭᠦᠦ ᠭᠤᠷᠪᠠᠭᠤᠯᠠ᠂ ᠠᠪᠤ ᠯᠠ ᠡᠵᠢ ᠲᠡᠢ ᠪᠡᠨ
ᠠᠴᠢ ᠡᠨᠡᠷᠢᠯ ᠢ᠋ ᠨᠢ ᠬᠠᠷᠢᠭᠤᠯᠤᠭᠠᠳ ᠴᠤ᠌ ᠬᠠᠷᠢᠭᠤᠯᠤᠭᠠᠳ ᠪᠠᠷᠠᠳᠠᠭ ᠦᠭᠡᠢ ᠬᠣᠷᠸ᠎ᠠ
ᠡᠵᠢ ᠠᠪᠤ ᠶ᠋ᠢᠨ ᠮᠢᠨᠢ ᠰᠤᠷᠭᠠᠯ ᠠᠮᠢᠳᠤᠷᠠᠯ ᠦᠢᠯᠡᠰ ᠦ᠋ᠨ ᠭᠡᠭᠡᠨ ᠵᠦᠭ
ᠠᠷᠪᠠᠨ ᠲᠠᠪᠤᠨ ᠨᠠᠰᠤᠨ ᠠ᠋ᠴᠠ ᠪᠠᠨ ᠥᠪᠡᠷ ᠢ᠋ ᠪᠡᠨ ᠬᠠᠢᠵᠤ ᠡᠬᠢᠯᠡᠭᠰᠡᠨ
ᠬᠦᠴᠢᠷ ᠬᠦᠨᠳᠦ ᠶ᠋ᠢ ᠲᠤᠭᠤᠯᠤᠭᠰᠠᠨ ᠨᠠᠰᠤ ᠮᠢᠨᠢ
ᠬᠠᠢᠷᠠᠲᠠᠢ ᠠᠮᠢᠳᠤᠷᠠᠯ ᠢ᠋ᠶ᠋ᠠᠨ ᠪᠦᠲᠦᠭᠡᠯ᠎ᠡ᠂ ᠢᠲᠡᠭᠡᠯ ᠬᠦᠴᠦᠨ ᠨᠠᠳᠠ ᠲᠠᠢ
ᠡᠵᠢ ᠠᠪᠤ ᠪᠡᠨ ᠪᠠᠶᠠᠷᠯᠠᠭᠤᠯᠤᠭᠰᠠᠨ᠂ ᠲᠠᠩᠳᠠ ᠪᠠᠶᠠᠷᠯᠠᠭᠤᠯᠤᠨ᠎ᠠ
ᠵᠢᠷᠦᠬᠡᠨ ᠦ᠌ ᠨᠢᠭᠡᠨ ᠮᠥᠷᠥᠭᠡᠳᠦᠯ ᠂ ᠡᠵᠢ ᠠᠪᠤ ᠪᠠᠨ ᠰᠠᠨᠠᠨ ᠰᠠᠨᠠᠭᠠᠳ
ᠡᠪᠦᠯ ᠦ᠋ᠨ ᠴᠠᠰᠤᠨ ᠤ᠋ ᠴᠢᠮᠡᠭᠡ ᠦᠭᠡᠢ ᠭᠦᠨ ᠬᠠᠢᠷ᠎ᠠ
ᠳᠠᠭᠤ ᠦᠭᠡᠢ ᠬᠠᠷᠠᠴᠠ ᠨᠢ ᠦᠯᠢᠭᠡᠷ ᠪᠠᠢᠭᠰᠠᠨ
ᠴᠢᠮᠡᠭᠡ ᠦᠭᠡᠢ ᠨᠢᠯᠪᠤᠰᠤ ᠨᠢ ᠠᠮᠢᠳᠤᠷᠠᠯ ᠪᠠᠢᠭᠰᠠᠨ
ᠵᠢᠷᠭᠠᠯ ᠲᠠᠢ ᠣᠷᠴᠢᠯᠠᠩ ᠨᠢ ᠪᠢ ᠪᠠᠢᠭᠰᠠᠨ (ᠰᠠᠨᠠᠭᠠᠳ ᠪᠠᠢᠳᠠᠭ ᠬᠣᠷᠸ᠎ᠠ )
ᠵᠢᠷᠦᠬᠡᠨ ᠦ᠌ ᠨᠢᠭᠡᠨ ᠮᠥᠷᠥᠭᠡᠳᠦᠯ᠂ ᠡᠵᠢ ᠠᠪᠤ ᠪᠠᠨ ᠰᠠᠨᠠᠨ ᠰᠠᠨᠠᠭᠠᠳ
ᠡᠪᠦᠯ ᠦ᠋ᠨ ᠴᠠᠰᠤᠨ ᠤ᠋ ᠴᠢᠮᠡᠭᠡ ᠦᠭᠡᠢ ᠭᠦᠨ ᠬᠠᠢᠷ᠎ᠠ
ᠳᠠᠭᠤ ᠦᠭᠡᠢ ᠬᠠᠷᠠᠴᠠ ᠨᠢ ᠦᠯᠢᠭᠡᠷ ᠪᠠᠢᠭᠰᠠᠨ
ᠴᠢᠮᠡᠭᠡ ᠦᠭᠡᠢ ᠨᠢᠯᠪᠤᠰᠤ ᠨᠢ ᠠᠮᠢᠳᠤᠷᠠᠯ ᠪᠠᠢᠭᠰᠠᠨ
ᠵᠢᠷᠭᠠᠯ ᠲᠠᠢ ᠣᠷᠴᠢᠯᠠᠩ ᠨᠢ ᠪᠢ ᠪᠠᠢᠭᠰᠠᠨ (ᠰᠠᠨᠠᠭᠠᠳ ᠪᠠᠢᠳᠠᠭ ᠬᠣᠷᠸ᠎ᠠ )
ᠡᠭᠡᠴᠢ ᠳᠡᠭᠦᠦ ᠭᠤᠷᠪᠠᠭᠤᠯᠠ᠂ ᠠᠪᠤ ᠯᠠ ᠡᠵᠢ ᠲᠡᠢ ᠪᠡᠨ
ᠡᠭᠡᠴᠢ ᠳᠡᠭᠦᠦ ᠭᠤᠷᠪᠠᠭᠤᠯᠠ᠂ ᠠᠪᠤ ᠯᠠ ᠡᠵᠢ ᠲᠡᠢ ᠪᠡᠨ
ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ
