ᠥᠷᠨᠢᠯᠲᠡ ᠨᠤᠲᠤᠭӨрнөлт нутаг Urnult nutag ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠨᠢᠯᠲᠡ ᠨᠤᠲᠤᠭӨрнөлт нутаг Urnult nutag

ᠥᠷᠨᠢᠯᠲᠡ ᠨᠤᠲᠤᠭӨрнөлт нутаг Urnult nutag

ᠠᠩᠭᠢᠯᠠᠯ:ᠳᠠᠭᠤᠤ ᠬᠥᠭᠵᠢᠮ
2024-10-04

1046

ᠥᠷᠨᠢᠯᠲᠡ ᠨᠤᠲᠤᠭ

    ᠦᠭᠡ᠄  ᠪ· ᠥᠯᠵᠡᠶ᠋ᠢᠨᠠᠷᠠᠨ 
    ᠠᠶ᠎ᠠ᠄ ᠨ· ᠲᠦᠮᠡᠨᠲᠤᠭᠤᠯᠠᠭ᠎ᠠ 
    ᠳᠠᠭᠤᠴᠢᠨ᠄ ᠲᠦᠮᠡᠨᠲᠤᠭᠤᠯᠠᠭ᠎ᠠ᠂ ᠬᠠᠰᠡᠷᠳᠡᠨᠢ᠂ ᠭᠠᠩᠭᠠᠩᠵᠠᠨ᠎ᠠ᠂ ᠭᠠᠯᠠᠣᠳᠦ᠂ ᠬᠦᠰᠡᠯᠡᠩ ᠨᠠᠷ 
 ᠲᠩᠷᠢ ᠶ᠋ᠢᠨ ᠬᠠᠶᠠᠭᠠᠨ ᠠ᠋ᠴᠠ ᠡᠬᠢᠲᠡᠢ ᠲᠠᠩᠰᠤᠭ ᠥᠷᠨᠢᠯᠲᠡ ᠨᠤᠲᠤᠭ ᠮᠢᠨᠢ  
 ᠲᠠᠷᠭᠤᠨ ᠬᠣᠩᠭᠣᠷ ᠣᠪᠣᠭ᠎ᠠ ᠨᠢ ᠲᠠᠯ᠎ᠠ ᠶ᠋ᠢᠨ ᠳᠤᠮᠳᠠ ᠨᠢ ᠰᠦᠨᠳᠡᠷᠯᠡᠨ᠎ᠡ  
 ᠲᠠᠪᠢᠯᠠᠩ ᠵᠠᠶᠠᠭ᠎ᠠ ᠪᠠᠨ ᠬᠣᠯᠪᠣᠭᠰᠠᠨ ᠤᠬᠠᠭᠠᠨᠲᠤ ᠲᠦᠮᠡᠨ ᠨᠢ ᠪᠡᠶᠡᠰᠦᠯᠲᠡᠢ 
 ᠲᠠᠨ᠎ᠠ ᠰᠤᠪᠤᠳ ᠰᠢᠭ᠋ ᠰᠢᠭᠢᠳᠬᠡᠭᠰᠡᠨ ᠮᠠᠯ ᠰᠦᠷᠦᠭ ᠨᠢ ᠥᠨᠢᠷ ᠳᠡ 
 ᠰᠦᠰᠦᠭ ᠪᠢᠰᠢᠷᠡᠯ ᠢ᠋ᠶ᠋ᠡᠨ ᠡᠷᠭᠦᠭᠰᠡᠨ ᠳᠥᠷᠪᠡᠨ ᠴᠠᠭ ᠤ᠋ᠨ ᠨᠤᠲᠤᠭ ᠮᠢᠨᠢ 
 ᠰᠥᠨᠢᠳ ᠦ᠋ᠨ ᠲᠠᠯ᠎ᠠ ᠳ᠋ᠤ᠌ ᠪᠠᠨ ᠴᠤᠤᠲᠠᠢ ᠪᠠᠶᠠᠨ ᠲᠠᠩᠰᠤᠭ ᠥᠷᠨᠢᠯᠲᠡ ᠮᠢᠨᠢ 

 ᠬᠤᠷ᠎ᠠ ᠲᠠᠢ ᠵᠤᠨ ᠤ᠋ ᠴᠠᠭ ᠲᠤ᠌ ᠪᠠᠨ ᠴᠠᠩᠲᠤ ᠶ᠋ᠢᠨ ᠲᠠᠯ᠎ᠠ ᠨᠢ ᠦᠵᠡᠰᠬᠦᠯᠡᠩ ᠲᠡᠢ
 ᠬᠤᠯᠠᠨ ᠵᠡᠭᠡᠷ᠎ᠡ ᠨᠢ ᠤᠮᠳᠠᠯᠠᠬᠤ ᠵᠠᠭᠤᠨ ᠲᠣᠭᠣᠷᠢᠮ ᠤ᠋ᠨ ᠴᠢᠮᠡᠭ ᠲᠡᠢ
 ᠪᠠᠶᠠᠨ ᠬᠠᠯᠲᠠᠷ ᠤ᠋ᠨ ᠬᠠᠢᠷᠬᠠᠨ ᠨᠢ ᠬᠡᠢᠮᠣᠷᠢ ᠳᠠᠯᠠᠯᠤᠨ ᠴᠡᠩᠬᠡᠷᠲᠦᠨ᠎ᠡ
 ᠪᠠᠳᠠᠷᠠᠬᠤ ᠭᠠᠯ ᠤ᠋ᠨ ᠳᠥᠯᠥ ᠨᠢ ᠮᠠᠯᠴᠢᠳ ᠭᠣᠯᠣᠮᠲᠠ ᠳ᠋ᠤ᠌ ᠳᠦᠷᠡᠯᠵᠡᠨ᠎ᠡ ᠳᠡ
 ᠰᠦᠰᠦᠭ ᠪᠢᠰᠢᠷᠡᠯ ᠢ᠋ᠶ᠋ᠡᠨ ᠡᠷᠭᠦᠭᠰᠡᠨ ᠳᠥᠷᠪᠡᠨ ᠴᠠᠭ ᠤ᠋ᠨ ᠨᠤᠲᠤᠭ ᠮᠢᠨᠢ
 ᠰᠥᠨᠢᠳ ᠦ᠋ᠨ ᠲᠠᠯ᠎ᠠ ᠳ᠋ᠤ᠌ ᠪᠠᠨ ᠴᠤᠤᠲᠠᠢ ᠪᠠᠶᠠᠨ ᠲᠠᠩᠰᠤᠭ ᠥᠷᠨᠢᠯᠲᠡ ᠮᠢᠨᠢ

 ᠬᠠᠩᠭᠠᠢ ᠲᠠᠯ᠎ᠠ ᠶ᠋ᠢᠨ ᠠᠭᠤᠳᠠᠮ ᠬᠤᠷᠳᠤᠨ ᠤ᠋ ᠰᠢᠨᠳᠠᠰᠤ ᠰᠢᠯᠭᠠᠨ᠎ᠠ
 ᠬᠣᠨᠢᠨ ᠪᠣᠷᠣᠬᠠᠨ ᠲᠤᠯᠤᠭᠠᠳ ᠢ᠋ᠶ᠋ᠠᠨ ᠲᠣᠢᠭ ᠤ᠋ᠨ ᠣᠪᠣᠭ᠎ᠠ ᠨᠢ ᠰᠠᠬᠢᠨ᠎ᠠ ᠳᠠ
 ᠠᠷᠤ ᠪᠤᠯᠠᠭ ᠤ᠋ᠨ ᠣᠨᠳᠣᠷᠣᠯ ᠠᠮᠢᠳᠤᠷᠠᠯ ᠬᠤᠷᠤᠢᠯᠠᠨ ᠮᠡᠯᠲᠡᠯᠵᠡᠨ᠎ᠡ
 ᠠᠯᠳᠠᠷ ᠶᠡᠬᠡᠲᠡᠢ ᠨᠤᠲᠤᠭ ᠢ᠋ᠶ᠋ᠠᠨ ᠠᠷᠠᠳ ᠣᠯᠠᠨ ᠨᠢ ᠬᠠᠢᠷᠠᠯᠠᠨ᠎ᠠ
 ᠰᠦᠰᠦᠭ ᠪᠢᠰᠢᠷᠡᠯ ᠢ᠋ᠶ᠋ᠡᠨ ᠡᠷᠭᠦᠭᠰᠡᠨ ᠳᠥᠷᠪᠡᠨ ᠴᠠᠭ ᠤ᠋ᠨ ᠨᠤᠲᠤᠭ ᠮᠢᠨᠢ
 ᠰᠥᠨᠢᠳ ᠦ᠋ᠨ ᠲᠠᠯ᠎ᠠ ᠳ᠋ᠤ᠌ ᠪᠠᠨ ᠴᠤᠤᠲᠠᠢ ᠪᠠᠶᠠᠨ ᠲᠠᠩᠰᠤᠭ ᠥᠷᠨᠢᠯᠲᠡ ᠮᠢᠨᠢ
 ᠰᠦᠰᠦᠭ ᠪᠢᠰᠢᠷᠡᠯ ᠢ᠋ᠶ᠋ᠡᠨ ᠡᠷᠭᠦᠭᠰᠡᠨ ᠳᠥᠷᠪᠡᠨ ᠴᠠᠭ ᠤ᠋ᠨ ᠨᠤᠲᠤᠭ ᠮᠢᠨᠢ
 ᠰᠥᠨᠢᠳ ᠦ᠋ᠨ ᠲᠠᠯ᠎ᠠ ᠳ᠋ᠤ᠌ ᠪᠠᠨ ᠴᠤᠤᠲᠠᠢ ᠪᠠᠶᠠᠨ ᠲᠠᠩᠰᠤᠭ ᠥᠷᠨᠢᠯᠲᠡ ᠮᠢᠨᠢ
 ᠰᠥᠨᠢᠳ ᠦ᠋ᠨ ᠲᠠᠯ᠎ᠠ ᠳ᠋ᠤ᠌ ᠪᠠᠨ ᠴᠤᠤᠲᠠᠢ ᠪᠠᠶᠠᠨ ᠲᠠᠩᠰᠤᠭ ᠥᠷᠨᠢᠯᠲᠡ ᠮᠢᠨᠢ
 ᠪᠠᠶᠠᠨ ᠲᠠᠩᠰᠤᠭ ᠥᠷᠨᠢᠯᠲᠡ ᠮᠢᠨᠢ
    ᠦᠰᠦᠭ ᠬᠠᠲᠠᠵᠤ ᠠᠮᠢᠯᠠᠭᠤᠯᠤᠭᠰᠠᠨ ᠨᠢ᠄ ᠥᠨᠢᠮᠥ᠋ᠩᠬᠡ
    ᠬᠢᠨᠠᠭᠴᠢ ᠪᠠᠭᠰᠢ᠄ ᠢᠷᠡᠭᠡᠳᠦᠢ