ᠪᠢ ᠮᠣᠩᠭᠣᠯ ᠬᠥᠮᠦᠨ-ᠡ᠊ ᠳᠥᠯᠭᠡᠨБи монгол хүн-Э᠂дөлгөнbi mongol hun E.dulgen
ᠪᠢ ᠮᠣᠩᠭᠣᠯ ᠬᠥᠮᠦᠨ
ᠦᠭᠡ ᠠᠶ᠎ᠠ᠄ ᠴ᠊᠊ • ᠴᠢᠮᠡᠳ
ᠳᠠᠭᠤᠴᠢᠨ᠄ ᠠ᠋᠊ • ᠳᠥᠯᠭᠡᠨ
ᠠᠷᠭᠠᠯ ᠤ᠋ᠨ ᠤᠲᠤᠭ᠎ᠠ ᠪᠤᠷᠭᠢᠯᠤᠭᠰᠠᠨ
ᠮᠠᠯᠴᠢᠨ ᠤ᠋ ᠭᠡᠷ ᠲᠦ᠍ ᠲᠥᠷᠥᠭᠰᠡᠨ ᠪᠢ
ᠠᠲᠠᠷ ᠬᠡᠭᠡᠷ᠎ᠡ ᠨᠤᠲᠤᠭ ᠢ᠋ᠶ᠋ᠠᠨ
ᠥᠯᠥᠭᠡᠢ ᠮᠢᠨᠢ ᠭᠡᠵᠦ ᠪᠣᠳᠣᠳᠠᠭ
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠤ᠋ᠨ ᠪᠠᠷ᠎ᠠ ᠶ᠋ᠢ ᠰᠢᠷᠲᠡᠭᠡᠳ
ᠡᠨᠡ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠤ᠋ᠨ ᠪᠠᠷ᠎ᠠ ᠶ᠋ᠢ ᠰᠢᠷᠳᠡᠭᠡᠳ
ᠪᠢ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ᠃
ᠤᠨᠠᠭᠰᠠᠨ ᠡᠨᠡ ᠨᠤᠲᠤᠭ ᠢ᠋ᠶ᠋ᠠᠨ
ᠥᠪᠡᠷ ᠦ᠋ᠨ ᠪᠡᠶ᠎ᠡ ᠰᠢᠭ ᠬᠠᠢᠷᠠᠯᠠᠵᠤ
ᠤᠬᠢᠶᠠᠭᠰᠠᠨ ᠲᠤᠩᠭᠠᠯᠠᠭ ᠮᠥᠷᠡᠨ ᠢ᠋ᠶ᠋ᠡᠨ
ᠡᠬᠡ ᠶ᠋ᠢᠨ ᠰᠦ ᠰᠢᠭ ᠰᠠᠨᠠᠳᠠᠭ
ᠴᠡᠯᠡᠭᠡᠷ ᠰᠠᠢᠬᠠᠨ ᠨᠤᠲᠤᠭ ᠢ᠋ᠶ᠋ᠠᠨ
ᠰᠡᠳᠬᠢᠯ ᠪᠠᠬᠠᠳᠤᠨ ᠬᠠᠷᠠᠭᠠᠳ
ᠡᠨᠡ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ
ᠴᠡᠯᠡᠭᠡᠷ ᠰᠠᠢᠬᠠᠨ ᠨᠤᠲᠤᠭ ᠢ᠋ᠶ᠋ᠠᠨ
ᠰᠡᠳᠬᠢᠯ ᠪᠠᠬᠠᠳᠤᠨ ᠬᠠᠷᠠᠭᠠᠳ
ᠪᠢ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ᠃
ᠥᠨᠢᠷ ᠮᠣᠩᠭᠣᠯ ᠣᠷᠣᠨ ᠢ᠋ᠶ᠋ᠠᠨ
ᠨᠠᠷᠠ ᠨᠢ ᠨᠠᠮ᠎ᠠ ᠶ᠋ᠢ ᠭᠡᠢᠭᠦᠯᠵᠦ
ᠨᠠᠢᠷᠲᠠᠢ ᠰᠠᠢᠬᠠᠨ ᠣᠷᠣᠨ ᠮᠢᠨᠢ
ᠨᠠᠳᠠ ᠲᠠᠢ ᠬᠤᠪᠢ ᠨᠢᠭᠡ ᠪᠢᠯᠡ
ᠬᠠᠨᠠᠭᠠᠷ ᠠᠭᠤᠵᠢᠮ ᠨᠤᠲᠤᠭ ᠢ᠋ᠶ᠋ᠠᠨ
ᠬᠠᠷᠠᠬᠤ ᠲᠤᠰᠤᠮ ᠪᠡᠶᠡᠰᠴᠦ
ᠡᠨᠡ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ
ᠬᠠᠨᠠᠭᠠᠷ ᠠᠭᠤᠵᠢᠮ ᠨᠤᠲᠤᠭ ᠢ᠋ᠶ᠋ᠠᠨ
ᠬᠠᠷᠠᠬᠤ ᠲᠤᠰᠤᠮ ᠪᠡᠶᠡᠰᠴᠦ
ᠪᠢ ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ᠃
ᠮᠣᠩᠭᠣᠯ ᠬᠥᠮᠦᠨ
ᠡᠬᠡ ᠣᠷᠣᠨ ᠳ᠋ᠤ᠌ ᠪᠠᠨ ᠬᠠᠢᠷᠠᠲᠠᠢ ᠬᠥᠮᠦᠨ
ᠬᠡᠳᠦᠢ ᠬᠣᠯᠠ ᠶᠠᠪᠤᠭᠰᠠᠨ ᠴᠤ᠌
ᠰᠡᠳᠬᠢᠯ ᠡᠴᠡ ᠤᠶᠠᠭᠠᠲᠠᠢ
ᠮᠣᠩᠭᠣᠯ ᠬᠥᠮᠦᠨ ᠪᠣᠯᠬᠣᠷ
ᠡᠬᠡ ᠣᠷᠣᠨ ᠤ᠋ ᠪᠠᠨ ᠲᠥᠯᠥᠭᠡ
ᠪᠡᠶ᠎ᠡ ᠰᠡᠳᠬᠢᠯ ᠵᠣᠷᠢᠭ ᠢ᠋ᠶ᠋ᠠᠨ
ᠠᠯᠢ ᠶ᠋ᠢ ᠨᠢ ᠴᠦ᠍ ᠬᠠᠢᠷᠠᠯᠠᠯ ᠦᠭᠡᠢ ᠵᠣᠷᠢᠭᠤᠯᠤᠨ᠎ᠠ᠃
ᠦᠰᠦᠭ ᠬᠠᠳᠠᠭᠴᠢ᠄ ᠰᠠᠴᠠᠠᠬᠡᠷᠠᠯ
ᠦᠰᠦᠭ ᠠᠮᠢᠯᠠᠭᠤᠯᠤᠭᠰᠠᠨ᠄ ᠰᠠᠴᠠᠡᠬᠡᠷᠠᠯ
ᠬᠢᠨᠠᠭᠴᠢ ᠪᠠᠭᠰᠢ᠄ ᠮᠠᠨᠳᠠᠷᠠᠸ᠎ᠠ
