ᠡᠷ᠎ᠡ ᠬᠥᠮᠦᠨ ᠦ ᠵᠢᠷᠭᠠᠯ ᠡᠵᠡᠭᠦᠢ ᠬᠡᠭᠡᠷ᠎ᠡ-ᠣᠲᠣᠭᠣᠢ ᠶᠢᠨ ᠪᠠᠶᠠᠩᠮᠥᠶᠩᠬᠡEr hunii jargal ezgui heer O.Baynmunh Эр хүний жаргал эзгүй хээр Отгойн Баянмөнх
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ
ᠦᠭᠡ᠄ ᠮ᠂ ᠪᠢᠯᠢᠭᠰᠠᠢᠬᠠᠨ
ᠠᠶ᠎ᠠ᠄ ᠶ᠋ᠢᠨ᠂ ᠽᠡᠷᠡᠨᠳᠣᠨᠳᠣᠪ
ᠳᠠᠭᠤᠴᠢᠨ᠄ ᠣ᠂ ᠪᠠᠶᠠᠨᠮᠥ᠋ᠩᠬᠡ
ᠰᠠᠷᠬᠤᠳ ᠲᠤᠯᠭᠠᠨ ᠲᠣᠭᠣᠷᠢᠨ ᠰᠠᠭᠤᠬᠤ ᠳ᠋ᠤ᠌ ᠪᠠᠨ
ᠰᠠᠢᠬᠠᠨ ᠨᠤᠲᠤᠭ ᠤ᠋ᠨ ᠠᠭᠤᠯᠠᠰ ᠢ᠋ ᠲᠦᠰᠢᠭᠰᠡᠨ
ᠬᠥᠳᠡᠭᠡ ᠳᠠᠢᠳᠤ ᠶ᠋ᠢᠨ ᠮᠣᠩᠭᠣᠯ ᠡᠷᠡᠴᠦᠳ
ᠬᠡᠦᠬᠡᠳ ᠨᠠᠰᠤ ᠪᠠᠨ ᠳᠤᠷᠠᠰᠤᠨ ᠰᠠᠭᠤᠨ᠎ᠠ
ᠬᠠᠶᠠ ᠬᠠᠶᠠ ᠠᠭᠤᠯᠵᠠᠨ ᠤᠴᠠᠷᠠᠬᠤ ᠳ᠋ᠤ᠌ ᠪᠠᠨ
ᠬᠠᠨᠢ ᠶ᠋ᠢᠨ ᠰᠡᠳᠬᠢᠯ ᠢ᠋ ᠰᠡᠪᠲᠦᠭᠡᠭᠡ ᠨᠢ ᠦᠭᠡᠢ
ᠬᠣᠨᠣᠭ ᠬᠣᠨᠣᠭ ᠢ᠋ᠶ᠋ᠠᠷ ᠲᠠᠷᠪᠢᠨ ᠵᠤᠭᠠᠯᠠᠭᠰᠠᠨ
ᠬᠣᠩᠭᠣᠷ ᠪᠠᠭ᠎ᠠ ᠶ᠋ᠢᠨ ᠨᠠᠢᠵᠠ ᠨᠤᠭᠤᠳ ᠮᠢᠨᠢ ᠳᠡ
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠬᠦ
ᠵᠠᠯᠠᠭᠤ ᠨᠠᠰᠤᠨ ᠤ᠋ ᠬᠠᠢᠷ᠎ᠠ ᠶ᠋ᠢᠨ ᠲᠤᠬᠠᠢ
ᠵᠠᠶᠠᠭ᠎ᠠ ᠲᠦᠰᠢᠭᠰᠡᠨ ᠬᠠᠨᠢ ᠶ᠋ᠢᠨ ᠢ᠋ᠶ᠋ᠡᠨ ᠲᠤᠬᠠᠢ
ᠠᠩᠭᠠᠷᠠᠢ ᠵᠢᠭᠠᠬᠠᠨ ᠦᠷᠡᠰ ᠦ᠋ᠨ ᠢ᠋ᠶ᠋ᠡᠨ ᠲᠤᠬᠠᠢ
ᠠᠨᠳᠠ ᠨᠥᠬᠥᠳ ᠳᠠᠭᠤᠯᠠᠨ ᠰᠠᠭᠤᠨ᠎ᠠ
ᠬᠠᠶᠠ ᠬᠠᠶᠠ ᠠᠭᠤᠯᠵᠠᠨ ᠤᠴᠠᠷᠠᠬᠤ ᠳ᠋ᠤ᠌ ᠪᠠᠨ
ᠬᠠᠨᠢ ᠶ᠋ᠢᠨ ᠰᠡᠳᠬᠢᠯ ᠢ᠋ ᠰᠡᠪᠲᠦᠭᠡᠭᠡ ᠨᠢ ᠦᠭᠡᠢ
ᠬᠣᠨᠣᠭ ᠬᠣᠨᠣᠭ ᠢ᠋ᠶ᠋ᠠᠷ ᠲᠠᠷᠪᠢᠨ ᠵᠤᠭᠠᠯᠠᠭᠰᠠᠨ
ᠬᠣᠩᠭᠣᠷ ᠪᠠᠭ᠎ᠠ ᠶ᠋ᠢᠨ ᠨᠠᠢᠵᠠ ᠨᠤᠭᠤᠳ ᠮᠢᠨᠢ ᠳᠡ
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠬᠦ
ᠲᠠᠢᠪᠤᠩ ᠴᠠᠭ ᠢ᠋ᠶ᠋ᠠᠷ ᠫᠤᠤ ᠪᠠᠨ ᠮᠥᠷᠥᠯᠡᠭᠡᠳ
ᠲᠠᠢᠭ᠎ᠠ ᠶ᠋ᠢᠨ ᠠᠭᠤᠯᠠᠨ ᠳ᠋ᠤ᠌ ᠬᠦᠷᠦᠭᠡ ᠬᠢᠭᠡᠳ
ᠠᠵᠢᠷᠭᠠᠨ ᠴᠢᠨᠣ᠎ᠠ ᠪᠠᠷ ᠬᠡᠢᠮᠣᠷᠢ ᠪᠠᠨ ᠰᠡᠷᠭᠦᠭᠡᠵᠦ
ᠠᠨᠳᠠ ᠶ᠋ᠢᠨ ᠳᠡᠷᠭᠡᠳᠡ ᠴᠣᠪᠣᠭᠣᠵᠢᠵᠤ ᠶᠠᠪᠤᠨ᠎ᠠ
ᠬᠠᠶᠠ ᠬᠠᠶᠠ ᠠᠭᠤᠯᠵᠠᠨ ᠤᠴᠠᠷᠠᠬᠤ ᠳ᠋ᠤ᠌ ᠪᠠᠨ
ᠬᠠᠨᠢ ᠶ᠋ᠢᠨ ᠰᠡᠳᠬᠢᠯ ᠢ᠋ ᠰᠡᠪᠲᠦᠭᠡᠭᠡ ᠨᠢ ᠦᠭᠡᠢ
ᠬᠣᠨᠣᠭ ᠬᠣᠨᠣᠭ ᠢ᠋ᠶ᠋ᠠᠷ ᠲᠠᠷᠪᠢᠨ ᠵᠤᠭᠠᠯᠠᠭᠰᠠᠨ
ᠬᠣᠩᠭᠣᠷ ᠪᠠᠭ᠎ᠠ ᠶ᠋ᠢᠨ ᠨᠠᠢᠵᠠ ᠨᠤᠭᠤᠳ ᠮᠢᠨᠢ ᠳᠡ
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠬᠦ
ᠬᠠᠶᠠ ᠬᠠᠶᠠ ᠠᠭᠤᠯᠵᠠᠨ ᠤᠴᠠᠷᠠᠬᠤ ᠳ᠋ᠤ᠌ ᠪᠠᠨ
ᠬᠠᠨᠢ ᠶ᠋ᠢᠨ ᠰᠡᠳᠬᠢᠯ ᠢ᠋ ᠰᠡᠪᠲᠦᠭᠡᠭᠡ ᠨᠢ ᠦᠭᠡᠢ
ᠬᠣᠨᠣᠭ ᠬᠣᠨᠣᠭ ᠢ᠋ᠶ᠋ᠠᠷ ᠳᠠᠷᠪᠢᠨ ᠵᠤᠭᠠᠯᠠᠭᠰᠠᠨ
ᠬᠣᠩᠭᠣᠷ ᠪᠠᠭ᠎ᠠ ᠶ᠋ᠢᠨ ᠨᠠᠢᠵᠠ ᠨᠤᠭᠤᠳ ᠮᠢᠨᠢ ᠳᠡ
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠬᠦ
ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠬᠦ
ᠦᠰᠦᠭ ᠠᠮᠢᠯᠠᠭᠤᠯᠤᠭᠴᠢ᠄ ᠠᠩᠴᠢᠨ
ᠦᠰᠦᠭ ᠬᠠᠳᠠᠭᠴᠢ᠄ ᠠᠩᠴᠢᠨ
ᠦᠰᠦᠭ ᠬᠢᠨᠠᠭᠴᠢ᠄ ᠮᠥᠴᠢᠷ
