ᠠᠷᠪᠠᠨ ᠬᠣᠶᠠᠷ ᠵᠦᠢᠯ ᠦ᠋ᠨ ᠮᠣᠩᠭᠣᠯ ᠦᠰᠦᠭ ᠪᠢᠴᠢᠭАрван хоёр зүйлийн монгол үсөг бичиг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠬᠣᠶᠠᠷ ᠵᠦᠢᠯ ᠦ᠋ᠨ ᠮᠣᠩᠭᠣᠯ ᠦᠰᠦᠭ ᠪᠢᠴᠢᠭАрван хоёр зүйлийн монгол үсөг бичиг

ᠠᠷᠪᠠᠨ ᠬᠣᠶᠠᠷ ᠵᠦᠢᠯ ᠦ᠋ᠨ ᠮᠣᠩᠭᠣᠯ ᠦᠰᠦᠭ ᠪᠢᠴᠢᠭАрван хоёр зүйлийн монгол үсөг бичиг

2024-09-22

1909

ᠠᠷᠪᠠᠨ ᠬᠣᠶᠠᠷ ᠵᠦᠢᠯ ᠦ᠋ᠨ ᠮᠣᠩᠭᠣᠯ ᠦᠰᠦᠭ ᠪᠢᠴᠢᠭ

ᠨᠢᠭᠡ᠂ ᠷᠦᠨᠢ ᠪᠢᠴᠢᠭ

    ᠮᠣᠩᠭᠣᠯ ᠤᠭᠰᠠᠭᠠᠨ ᠤ᠋ ᠠᠩᠬᠠᠨ ᠤ᠋ ᠳᠥᠷᠦᠲᠦ ᠤᠯᠤᠰ ᠤ᠋ᠨ ᠨᠢᠭᠡᠨ ᠪᠣᠯᠬᠤ᠂ ᠾᠦᠩᠨᠦᠴᠦᠳ ᠥᠪᠡᠷ ᠦ᠋ᠨ ᠢ᠋ᠶ᠋ᠡᠨ ᠦᠰᠦᠭ ᠪᠢᠴᠢᠭ ᠲᠡᠢ ᠪᠠᠢᠭᠰᠠᠨ ᠭᠡᠰᠡᠨ ᠮᠡᠳᠡᠭᠡ ᠪᠠᠢᠳᠠᠭ ᠪᠣᠯᠪᠠᠴᠤ ᠪᠣᠳᠠᠲᠠᠢ ᠪᠠᠷᠢᠮᠲᠠ ᠥᠨᠥ ᠬᠦᠷᠲᠡᠯ᠎ᠡ ᠲᠡᠢᠮᠦ ᠲᠣᠳᠣᠷᠬᠠᠢ ᠪᠤᠰᠤ ᠪᠠᠢᠳᠠᠭ᠃ ᠥᠪᠥᠷ ᠮᠣᠩᠭᠣᠯᠴᠤᠳ ᠤ᠋ᠨ ᠦᠰᠦᠭ ᠪᠢᠴᠢᠭ ᠦ᠋ᠨ ᠰᠤᠳᠤᠯᠤᠭᠰᠠᠨ ᠡᠷᠳᠡᠮᠲᠡᠳ ᠣᠯᠠᠩᠬᠢ ᠨᠢ ᠾᠦᠩᠨᠦᠴᠦᠳ ᠷᠦᠨᠢ ᠮᠠᠶᠢᠭ ᠪᠢᠴᠢᠭ ᠦ᠋ᠨ ᠪᠢᠴᠢᠭ ᠲᠡᠢ ᠪᠠᠢᠭᠰᠠᠨ ᠭᠡᠰᠡᠨ ᠲᠠᠭᠠᠮᠠᠭᠯᠠᠯ ᠳᠡᠪᠰᠢᠭᠦᠯᠵᠡᠢ᠃ ᠮᠣᠩᠭᠣᠯ ᠤᠭᠰᠠᠭᠠᠨ ᠤ᠋ ᠳᠡᠭᠡᠳᠦᠰ ᠦ᠋ᠳ ᠲᠡᠷᠡ ᠦᠶ᠎ᠡ ᠳ᠋ᠦ᠍ ᠥᠪᠡᠷ ᠦ᠋ᠨ ᠦᠭᠡ ᠬᠡᠯᠡ ᠪᠡᠨ ᠷᠦᠨᠢ ᠪᠢᠴᠢᠭ ᠪᠤᠶᠤ ᠬᠥᠮᠦᠨ ᠪᠢᠴᠢᠭ᠂ ᠲᠠᠮᠠᠭᠠᠨ ᠪᠢᠴᠢᠭ ᠭᠡᠵᠦ ᠨᠡᠷᠡᠯᠡᠭᠳᠡᠬᠦ ᠪᠦᠬᠦᠢ ᠦᠰᠦᠭ ᠪᠢᠴᠢᠭ ᠢ᠋ᠶ᠋ᠡᠷ ᠲᠡᠮᠳᠡᠭᠯᠡᠵᠦ ᠪᠠᠢᠭᠰᠠᠨ ᠢ᠋ ᠮᠣᠩᠭᠣᠯ ᠨᠤᠲᠤᠭ ᠠ᠋ᠴᠠ ᠤᠯᠠᠮ ᠠ᠋ᠴᠠ ᠣᠯᠠᠨ ᠣᠯᠳᠠᠵᠤ ᠪᠠᠢᠭ᠎ᠠ ᠬᠥᠰᠢᠶ᠎ᠡ ᠳᠤᠷᠠᠰᠬᠠᠯ ᠠ᠋ᠴᠠ ᠡᠷᠳᠡᠮᠲᠡᠳ ᠦᠷᠭᠦᠯᠵᠢᠯᠡᠨ ᠰᠤᠳᠤᠯᠤᠭᠠᠳ ᠪᠠᠢᠭ᠎ᠠ ᠶᠤᠮ ᠠ᠋!

ᠬᠣᠶᠠᠷ᠂ ᠪᠷᠠᠾᠮᠢ ᠪᠢᠴᠢᠭ

    ᠮᠣᠩᠭᠣᠯ ᠪᠷᠠᠾᠮᠢ ᠪᠢᠴᠢᠭ ᠨᠢ ᠨᠡᠢᠲᠡ ᠶ᠋ᠢᠨ ᠣᠨ ᠲᠣᠭᠠᠯᠠᠯ ᠤ᠋ᠨ ᠵᠢᠷᠭᠤᠭᠠᠨ ᠵᠠᠭᠤ ᠣᠨ ᠤ᠋ ᠣᠷᠴᠢᠮ ᠢ᠋ᠶ᠋ᠠᠷ ᠮᠣᠩᠭᠣᠯᠴᠤᠳ ᠤ᠋ᠨ ᠬᠡᠷᠡᠭᠯᠡᠵᠦ ᠪᠠᠢᠭᠰᠠᠨ ᠦᠰᠦᠭ ᠪᠢᠴᠢᠭ ᠶᠦᠮ ᠠ᠋᠃
    ᠮᠢᠩᠭ᠎ᠠ ᠶᠢᠰᠦᠨ ᠵᠠᠭᠤ ᠵᠢᠷᠠᠨ ᠳᠣᠯᠣᠭᠠᠨ ᠣᠨ ᠳ᠋ᠤ᠌ ᠮᠣᠩᠭᠣᠯ ᠤᠯᠤᠰ ᠤ᠋ᠨ ᠪᠤᠯᠠᠭᠠᠨ ᠠᠢᠮᠠᠭ ᠠ᠋ᠴᠠ ᠣᠯᠳᠠᠭᠰᠠᠨ《ᠬᠦᠢᠰᠦ ᠲᠣᠯᠣᠭᠠᠢ ᠶ᠋ᠢᠨ ᠬᠥᠰᠢᠶᠡᠰᠦ》 ᠭᠡᠮᠡᠨ ᠠᠯᠳᠠᠷᠰᠢᠭᠰᠠᠨ ᠡᠨᠡ ᠬᠦ᠌ ᠴᠢᠯᠠᠭᠤᠨ ᠬᠥᠰᠢᠶ᠎ᠡ ᠶ᠋ᠢ ᠡᠷᠳᠡᠮᠲᠡᠳ ᠰᠤᠳᠤᠯᠤᠭᠠᠳ᠂ ᠡᠨᠡ ᠨᠢ ᠬᠡᠳᠦᠢᠪᠡᠷ ᠪᠷᠠᠾᠮᠢ ᠦᠰᠦᠭ ᠢ᠋ᠶ᠋ᠡᠷ ᠰᠡᠢᠯᠦᠭᠳᠡᠭᠰᠡᠨ ᠪᠣᠯᠪᠠᠴᠤ ᠮᠣᠩᠭᠣᠯ ᠬᠡᠯᠡ ᠪᠡᠷ ᠤᠩᠰᠢᠭᠳᠠᠬᠤ ᠦᠰᠦᠭ ᠪᠢᠴᠢᠭ ᠪᠠᠢᠨ᠎ᠠ ᠭᠡᠵᠦ ᠰᠤᠳᠤᠯᠤᠭᠠᠳ᠂ ᠭᠧᠷᠮᠠᠨ ᠤ᠋ ᠮᠣᠩᠭᠣᠯᠴᠢ ᠡᠷᠳᠡᠮᠲᠡᠨ ᠰᠣᠯᠣᠩᠭᠣᠳ· ᠯ ᠬᠤᠷᠴᠠᠪᠠᠭᠠᠲᠤᠷ ᠤᠭ ᠬᠥᠰᠢᠶᠡᠨ ᠪᠢᠴᠢᠭᠡᠰᠦ ᠶ᠋ᠢ ᠲᠠᠢᠯᠤᠨ ᠤᠩᠰᠢᠭᠰᠠᠨ ᠢ᠋ᠶ᠋ᠠᠷ ᠲᠦᠷᠺ ᠦ᠋ᠨ ᠬᠠᠭᠠᠨᠲᠤ ᠭᠦᠷᠦᠨ ᠦ᠌ ᠨᠠᠰᠤ ᠪᠠᠷᠠᠭᠰᠠᠨ ᠬᠠᠭᠠᠨ ᠳ᠋ᠤ᠌ ᠪᠠᠨ ᠲᠠᠬᠢᠯᠭ᠎ᠠ ᠬᠢᠭᠰᠡᠨ ᠠᠭᠤᠯᠭ᠎ᠠ ᠲᠠᠢ ᠬᠥᠰᠢᠶᠡᠰᠦ ᠪᠠᠢᠨ᠎ᠠ ᠭᠡᠵᠦ ᠲᠣᠳᠣᠯᠠᠭᠰᠠᠨ ᠢ᠋ᠶ᠋ᠠᠷ ᠦᠯᠦ ᠪᠠᠷᠠᠮ ᠬᠡᠯᠡ ᠵᠦᠢ ᠶ᠋ᠢᠨ ᠲᠣᠭᠲᠠᠯᠴᠠᠭ᠎ᠠ ᠶ᠋ᠢ ᠰᠤᠳᠤᠯᠤᠨ ᠭᠠᠷᠭᠠᠭᠰᠠᠨ ᠢ᠋ᠶ᠋ᠠᠷ ᠮᠣᠩᠭᠣᠯᠴᠤᠳ ᠤ᠋ᠨ ᠦᠰᠦᠭ ᠪᠢᠴᠢᠭ ᠦ᠋ᠨ ᠲᠡᠦᠬᠡ ᠶ᠋ᠢ ᠣᠳᠣ ᠠ᠋ᠴᠠ ᠮᠢᠩᠭ᠎ᠠ ᠳᠥᠷᠪᠡᠨ ᠵᠠᠭᠤᠨ ᠵᠢᠯ ᠡᠮᠦᠨᠡᠰᠢ ᠰᠤᠩᠭᠠᠭᠰᠠᠨ ᠪᠢᠯᠡ᠃《ᠬᠦᠢᠰᠦ ᠲᠣᠯᠣᠭᠠᠢ ᠶ᠋ᠢᠨ ᠭᠡᠷᠡᠯᠲᠦ ᠬᠥᠰᠢᠶ᠎ᠡ》 ᠨᠢ ᠮᠣᠩᠭᠣᠯ ᠤᠯᠤᠰ ᠤ᠋ᠨ ᠲᠥᠷᠥ ᠶ᠋ᠢᠨ ᠡᠭᠦᠳᠡᠨ ᠦ᠌ ᠬᠣᠢᠮᠣᠷ ᠲᠤ ᠵᠠᠯᠠᠭᠳᠠᠵᠤ ᠪᠠᠢᠭᠰᠠᠨ ᠠ᠋ᠴᠠ ᠣᠳᠣ ᠴᠢᠩᠭᠢᠰ ᠬᠠᠭᠠᠨ ᠮᠦᠽᠧᠢ ᠳ᠋ᠦ᠍ ᠲᠡᠦᠬᠡ ᠰᠣᠶᠣᠯ ᠤ᠋ᠨ ᠬᠣᠣᠰ ᠦᠭᠡᠢ ᠦᠨᠡᠲᠦ ᠳᠤᠷᠠᠰᠬᠠᠯ ᠭᠡᠮᠡᠨ ᠬᠠᠳᠠᠭᠠᠯᠠᠭᠳᠠᠵᠤ ᠪᠠᠢᠭ᠎ᠠ ᠶᠤᠮ ᠠ᠋᠃

ᠭᠤᠷᠪᠠ᠂ ᠬᠢᠳᠠᠨ ᠪᠢᠴᠢᠭ

    ᠮᠣᠩᠭᠣᠯ ᠤᠭᠰᠠᠭᠠᠨ ᠤ᠋ ᠭᠢᠳᠠᠨᠴᠤᠳ ᠯᠢᠶᠣᠣ ᠤᠯᠤᠰ ᠢ᠋ ᠪᠠᠢᠭᠤᠯᠤᠭᠰᠠᠨ ᠠ᠋ᠴᠠ ᠬᠣᠢᠰᠢ᠂ ᠶᠢᠰᠦᠨ ᠵᠠᠭᠤ ᠬᠣᠷᠢᠨ ᠣᠨ ᠳ᠋ᠤ᠌ ᠨᠠᠩᠭᠢᠶᠠᠳ ᠦᠰᠦᠭ ᠲᠦ᠍ ᠰᠠᠭᠤᠷᠢᠯᠠᠭᠰᠠᠨ ᠬᠢᠳᠠᠨ ᠶᠡᠬᠡ ᠪᠢᠴᠢᠭ ᠢ᠋ ᠵᠣᠬᠢᠶᠠᠵᠠᠢ᠃ ᠶᠢᠰᠦᠨ ᠵᠠᠭᠤ ᠬᠣᠷᠢᠨ ᠲᠠᠪᠤᠨ ᠣᠨ ᠳ᠋ᠤ᠌ ᠶᠡᠬᠡ ᠬᠢᠳᠠᠨ ᠪᠢᠴᠢᠭ ᠢ᠋ ᠬᠢᠯᠪᠠᠷᠰᠢᠭᠤᠯᠤᠭᠰᠠᠨ ᠪᠠᠭ᠎ᠠ ᠬᠢᠳᠠᠨ ᠪᠢᠴᠢᠭ ᠢ᠋ ᠵᠣᠬᠢᠶᠠᠵᠠᠢ᠃ ᠭᠢᠳᠠᠨᠴᠤᠳ ᠤ᠋ᠨ ᠬᠡᠷᠡᠭᠯᠡᠵᠦ ᠪᠠᠢᠭᠰᠠᠨ ᠶᠡᠬᠡ ᠪᠠᠭ᠎ᠠ ᠬᠢᠳᠠᠨ ᠪᠢᠴᠢᠭ ᠢ᠋ ᠲᠠᠢᠯᠤᠨ ᠤᠩᠰᠢᠬᠤ ᠰᠤᠳᠤᠯᠭᠠᠨ ᠤ᠋ ᠠᠵᠢᠯ ᠢ᠋ ᠡᠷᠳᠡᠮᠲᠡᠳ ᠬᠢᠭᠰᠡᠭᠡᠷ ᠪᠠᠢᠨ᠎ᠠ᠃
    ᠬᠠᠷᠢᠨ ᠪᠠᠭ᠎ᠠ ᠬᠢᠳᠠᠨ ᠦᠰᠦᠭ ᠢ᠋ ᠮᠣᠩᠭᠣᠯ ᠬᠡᠯᠡ ᠪᠡᠷ ᠲᠠᠢᠯᠤᠨ ᠤᠩᠰᠢᠬᠤ ᠠᠵᠢᠯ ᠢ᠋ ᠴᠡᠩᠭᠡᠯᠲᠡᠢ᠂ ᠣᠶᠤᠨᠴᠢ ᠵᠡᠷᠭᠡ ᠡᠷᠳᠡᠮᠲᠡᠳ ᠲᠣᠮᠣᠬᠠᠨ ᠠᠮᠵᠢᠯᠲᠠ ᠪᠦᠲᠦᠭᠡᠯ ᠳ᠋ᠦ᠍ ᠬᠦᠷᠦᠭᠰᠡᠨ ᠶᠦᠮ ᠠ᠋᠃

ᠳᠥᠷᠪᠡ᠂ ᠮᠣᠩᠭᠣᠯ ᠪᠢᠴᠢᠭ

    ᠮᠣᠩᠭᠣᠯᠴᠤᠳ ᠤ᠋ᠨ ᠬᠡᠷᠡᠭᠯᠡᠵᠦ ᠢᠷᠡᠭᠰᠡᠨ ᠦᠰᠦᠭ ᠪᠢᠴᠢᠭ ᠦ᠋ᠨ ᠳᠣᠲᠣᠷ᠎ᠠ ᠠ᠋ᠴᠠ ᠬᠠᠮᠤᠭ ᠤ᠋ᠨ ᠤᠷᠲᠤ ᠬᠤᠭᠤᠴᠠᠭᠠᠨ ᠳ᠋ᠤ᠌ ᠬᠡᠷᠡᠭᠯᠡᠭᠳᠡᠭᠰᠡᠭᠡᠷ ᠢᠷᠡᠭᠰᠡᠨ ᠦᠰᠦᠭ ᠪᠢᠴᠢᠭ ᠨᠢ ᠪᠣᠯ ᠮᠣᠩᠭᠣᠯ ᠪᠢᠴᠢᠭ ᠪᠣᠯᠤᠨ᠎ᠠ᠃
    ᠮᠣᠩᠭᠣᠯ ᠪᠢᠴᠢᠭ ᠦ᠋ᠨ ᠡᠬᠢ ᠡᠭᠦᠳᠦᠯ ᠦ᠋ᠨ ᠲᠠᠯ᠎ᠠ ᠪᠠᠷ ᠣᠯᠠᠨ ᠶᠠᠩᠵᠤ ᠶ᠋ᠢᠨ ᠰᠠᠨᠠᠯ ᠪᠠᠢᠳᠠᠭ ᠪᠣᠯᠪᠠᠴᠤ᠂ ᠤᠢᠭᠤᠷ ᠤᠯᠤᠰ ᠮᠣᠩᠭᠣᠯ ᠨᠤᠲᠤᠭ ᠲᠤ ᠲᠥᠷᠥ ᠤᠯᠤᠰ ᠢ᠋ᠶ᠋ᠠᠨ ᠪᠠᠢᠭᠤᠯᠵᠤ ᠪᠠᠢᠭᠰᠠᠨ ᠳᠣᠯᠣᠭ᠎ᠠ ᠠ᠋ᠴᠠ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠬᠠᠮᠢᠶᠠᠳᠠᠭᠤᠯᠤᠨ ᠦᠵᠡᠬᠦ ᠨᠢ ᠢᠯᠡᠭᠦᠦ ᠣᠨᠣᠪᠴᠢᠲᠠᠢ ᠭᠡᠵᠦ ᠦᠵᠡᠳᠡᠭ ᠶᠦᠮ ᠠ᠋! ᠥᠨᠥ ᠬᠦᠷᠲᠡᠯ᠎ᠡ ᠣᠯᠳᠠᠭᠰᠠᠨ ᠪᠠᠷᠢᠮᠲᠠ ᠶ᠋ᠢᠨ ᠬᠦᠷᠢᠶᠡᠨ ᠳ᠋ᠦ᠍ ᠮᠣᠩᠭᠣᠯ ᠪᠢᠴᠢᠭ ᠦ᠋ᠨ ᠡᠷᠲᠡᠨ ᠦ᠌ ᠳᠤᠷᠠᠰᠬᠠᠯ ᠨᠢ ᠴᠢᠩᠭᠢᠰ ᠦ᠋ᠨ ᠴᠢᠯᠠᠭᠤᠨ ᠪᠢᠴᠢᠭ ᠭᠡᠮᠡᠨ ᠠᠯᠳᠠᠷᠰᠢᠭᠰᠠᠨ᠂ ᠮᠢᠩᠭ᠎ᠠ ᠬᠣᠶᠠᠷ ᠵᠠᠭᠤ ᠬᠣᠷᠢᠨ ᠳᠥᠷᠪᠡᠨ ᠣᠨ ᠪᠤᠶᠤ ᠬᠣᠷᠢᠨ ᠲᠠᠪᠤᠨ ᠣᠨ ᠤ᠋ ᠬᠥᠰᠢᠶᠡᠰᠦᠨ ᠪᠢᠴᠢᠭ ᠪᠢᠯᠡ᠃
    ᠮᠣᠩᠭᠣᠯ ᠪᠢᠴᠢᠭ ᠢ᠋ ᠶᠡᠬᠡ ᠮᠣᠩᠭᠣᠯ ᠤᠯᠤᠰ ᠪᠠᠢᠭᠤᠯᠤᠭᠰᠠᠨ ᠲᠥᠷᠥ ᠶ᠋ᠢᠨ ᠠᠯᠪᠠᠨ ᠶᠣᠰᠣᠨ ᠤ᠋ ᠪᠢᠴᠢᠭ ᠭᠡᠵᠦ ᠦᠵᠡᠬᠦ ᠬᠡᠷᠡᠭᠲᠡᠢ᠃ ᠮᠣᠩᠭᠣᠯ ᠪᠢᠴᠢᠭ ᠢ᠋ ᠴᠢᠩᠭᠢᠰ ᠬᠠᠭᠠᠨ ᠤ᠋ ᠵᠠᠷᠯᠢᠭ ᠢ᠋ᠶ᠋ᠠᠷ ᠲᠠᠲᠠᠲᠤᠩᠭ᠎ᠠ ᠵᠣᠬᠢᠶᠠᠭᠰᠠᠨ ᠭᠡᠵᠦ ᠪᠠᠰᠠ ᠦᠵᠡᠳᠡᠭ ᠶᠦᠮ᠃

ᠲᠠᠪᠤ᠂ ᠳᠥᠷᠪᠡᠯᠵᠢᠨ ᠪᠢᠴᠢᠭ

    ᠬᠤᠪᠢᠯᠠᠢ ᠬᠠᠭᠠᠨ ᠣᠯᠠᠨ ᠦᠨᠳᠦᠰᠦᠲᠡᠨ ᠢ᠋ ᠨᠢᠭᠡᠳᠬᠡᠭᠰᠡᠨ ᠶᠡᠬᠡ ᠶᠤᠸᠠᠨ ᠤᠯᠤᠰ ᠢ᠋ ᠪᠠᠢᠭᠤᠯᠵᠤ᠂ ᠮᠢᠩᠭ᠎ᠠ ᠬᠣᠶᠠᠷ ᠵᠠᠭᠤ ᠳᠠᠯᠠᠨ ᠨᠢᠭᠡᠨ ᠣᠨ ᠠ᠋ᠴᠠ ᠮᠢᠩᠭ᠎ᠠ ᠭᠤᠷᠪᠠᠨ ᠵᠠᠭᠤ ᠵᠢᠷᠠᠨ ᠨᠠᠢ᠍ᠮᠠᠨ ᠣᠨ ᠪᠣᠯᠲᠠᠯ᠎ᠠ ᠡᠵᠡᠨᠲᠦ ᠭᠦᠷᠦᠨ ᠦ᠌ ᠡᠷᠬᠡ ᠰᠦᠷ ᠦ᠋ᠨ ᠪᠡᠯᠭᠡᠳᠡᠯ ᠪᠣᠯᠤᠭᠰᠠᠨ ᠲᠥᠷᠥ ᠶ᠋ᠢᠨ ᠪᠢᠴᠢᠭ ᠢ᠋ ᠮᠢᠩᠭ᠎ᠠ ᠬᠣᠶᠠᠷ ᠵᠠᠭᠤ ᠵᠢᠷᠠ ᠶᠢᠰᠦᠨ ᠣᠨ ᠳ᠋ᠤ᠌ ᠫᠠᠭᠪᠠ ᠯᠠᠮᠠ ᠪᠠᠷ ᠵᠣᠬᠢᠶᠠᠯᠭᠠᠭᠰᠠᠨ ᠨᠢ ᠳᠠᠷᠤᠢ ᠳᠥᠷᠪᠡᠯᠵᠢᠨ ᠪᠢᠴᠢᠭ ᠪᠣᠯᠤᠨ᠎ᠠ᠃ ᠳᠥᠷᠪᠡᠯᠵᠢᠨ ᠪᠢᠴᠢᠭ ᠦ᠋ᠨ ᠲᠢᠭ ᠵᠢᠷᠤᠯᠭ᠎ᠠ ᠨᠢ ᠲᠥᠪᠡᠳ ᠮᠣᠩᠭᠣᠯ ᠪᠢᠴᠢᠭ ᠦ᠋ᠨ ᠣᠨᠴᠠᠯᠢᠭ ᠢ᠋ ᠬᠠᠷᠠᠭᠠᠯᠵᠠᠨ ᠲᠤᠰᠬᠠᠵᠠᠢ᠃ ᠡᠨᠡ ᠪᠢᠴᠢᠭ ᠢ᠋ᠶ᠋ᠡᠷ ᠲᠡᠮᠳᠡᠭᠯᠡᠭᠰᠡᠨ ᠮᠣᠩᠭᠣᠯ᠂ ᠬᠢᠲᠠᠳ᠂ ᠲᠥᠪᠡᠳ᠂ ᠰᠠᠨᠰᠺᠷᠢᠲ᠂ ᠲᠦᠷᠺ ᠬᠡᠯᠡ ᠪᠡᠷ ᠦᠯᠡᠮᠵᠢ ᠠᠷᠪᠢᠨ ᠳᠤᠷᠠᠰᠬᠠᠯ ᠪᠠᠢᠳᠠᠭ ᠤᠴᠢᠷ ᠠ᠋ᠴᠠ ᠠᠷᠪᠠᠨ ᠭᠤᠷᠪᠠᠳᠤᠭᠠᠷ ᠵᠠᠭᠤᠨ ᠤ᠋ ᠣᠯᠠᠨ ᠤᠯᠤᠰ ᠤ᠋ᠨ ᠴᠠᠭᠠᠨ ᠲᠣᠯᠣᠭᠠᠢ ᠭᠡᠮᠡᠨ ᠨᠡᠷᠡᠢᠳᠦᠭᠰᠡᠨ ᠲᠣᠬᠢᠶᠠᠯᠳᠤᠯ ᠴᠤ᠌ ᠪᠣᠢ᠃

ᠵᠢᠷᠭᠤᠭ᠎ᠠ᠂ ᠠᠯᠢ ᠭᠠᠯᠢ ᠦᠰᠦᠭ

    ᠠᠶᠤᠰᠢ ᠭᠦᠦᠰᠢ ᠮᠢᠩᠭ᠎ᠠ ᠲᠠᠪᠤᠨ ᠵᠠᠭᠤ ᠳᠣᠯᠣᠭᠠᠨ ᠣᠨ ᠳ᠋ᠤ᠌ ᠡᠨᠡᠳᠬᠡᠭ ᠲᠥᠪᠡᠳ ᠬᠡᠯᠡᠨ ᠡᠴᠡ ᠱᠠᠰᠢᠨ ᠤ᠋ ᠰᠤᠳᠤᠷ ᠢ᠋ ᠮᠣᠩᠭᠣᠯᠴᠢᠯᠠᠬᠤ ᠳ᠋ᠤ᠌ ᠪᠤᠷᠬᠠᠨ ᠰᠠᠬᠢᠭᠤᠯᠰᠤᠨ ᠤ᠋ ᠨᠡᠷ᠎ᠡ᠂ ᠲᠠᠷᠨᠢ᠂ ᠬᠥᠮᠦᠨ ᠦ᠌ ᠨᠡᠷ᠎ᠡ ᠵᠡᠷᠭᠡ ᠶ᠋ᠢ ᠮᠣᠩᠭᠣᠯ ᠪᠢᠴᠢᠭ ᠲᠦ᠍ ᠵᠥᠪ ᠠᠭᠤᠯᠬᠤ ᠶ᠋ᠢᠨ ᠲᠤᠯᠠᠳᠠ ᠠᠯᠢ ᠭᠠᠯᠢ ᠦᠰᠦᠭ ᠢ᠋ ᠵᠣᠬᠢᠶᠠᠭᠰᠠᠨ ᠶᠤᠮ ᠠ᠋᠃
ᠠᠯᠢ ᠭᠡᠳᠡᠭ ᠨᠢ ᠡᠭᠡᠰᠢᠭ ᠭᠡᠰᠡᠨ ᠤᠳᠬ᠎ᠠ ᠲᠠᠢ᠂ ᠭᠠᠯᠢ ᠭᠡᠳᠡᠭ ᠨᠢ ᠭᠡᠢᠭᠦᠯᠦᠭᠴᠢ ᠭᠡᠰᠡᠨ ᠤᠳᠬ᠎ᠠ ᠲᠠᠢ ᠰᠠᠨᠰᠺᠷᠢᠲ ᠦᠭᠡ ᠶᠦᠮ᠃

ᠳᠣᠯᠣᠭ᠎ᠠ᠂ ᠲᠣᠳᠣ ᠪᠢᠴᠢᠭ

    ᠮᠢᠩᠭ᠎ᠠ ᠵᠢᠷᠭᠤᠭᠠᠨ ᠵᠠᠭᠤ ᠳᠥᠴᠢᠨ ᠨᠠᠢ᠍ᠮᠠᠨ ᠣᠨ ᠳ᠋ᠤ᠌ ᠣᠢᠷᠠᠳ ᠤ᠋ᠨ ᠵᠠᠶ᠎ᠠ ᠪᠠᠨᠳᠢᠳᠠ ᠨᠠᠮᠬᠠᠢᠵᠠᠮᠰᠤ ᠲᠣᠳᠣ ᠪᠢᠴᠢᠭ ᠢ᠋ ᠵᠣᠬᠢᠶᠠᠵᠠᠢ᠃ ᠲᠡᠷᠡ ᠪᠡᠷ ᠤᠭ ᠦᠰᠦᠭ ᠪᠢᠴᠢᠭ ᠢ᠋ ᠵᠣᠬᠢᠶᠠᠬᠤ ᠪᠣᠯᠤᠭᠰᠠᠨ ᠰᠢᠯᠲᠠᠭᠠᠨ ᠢ᠋ᠶ᠋ᠠᠷ᠄《ᠨᠢᠭᠡᠳᠦᠭᠡᠷ ᠲᠦ᠍᠂ ᠨᠡᠢᠲᠡ ᠮᠣᠩᠭᠣᠯᠴᠤᠳ ᠲᠤ ᠵᠣᠷᠢᠭᠤᠯᠤᠭᠰᠠᠨ᠃ ᠬᠣᠶᠠᠳᠤᠭᠠᠷ ᠳᠤ᠂ ᠮᠣᠩᠭᠣᠯ ᠪᠢᠴᠢᠭ ᠦ᠋ᠨ ᠨᠢᠭᠡ ᠳᠦᠷᠰᠦ ᠪᠡᠷ ᠬᠡᠳᠦ ᠬᠡᠳᠦᠨ ᠠᠪᠢᠶ᠎ᠠ ᠶ᠋ᠢ ᠲᠡᠮᠳᠡᠭᠯᠡᠬᠦ ᠶ᠋ᠢ ᠲᠣᠳᠣᠷᠬᠠᠢ ᠪᠣᠯᠭᠠᠭᠰᠠᠨ᠃ ᠭᠤᠷᠪᠠᠳᠤᠭᠠᠷ ᠳᠤ᠂ ᠪᠤᠷᠬᠠᠨ ᠱᠠᠰᠢᠨ ᠤ᠋ ᠨᠣᠮ ᠪᠦᠲᠦᠭᠡᠯ ᠢ᠋ ᠣᠷᠴᠢᠭᠤᠯᠵᠤ ᠲᠦᠭᠡᠭᠡᠬᠦ》 ᠭᠡᠵᠦ ᠲᠠᠢᠯᠪᠤᠷᠢᠯᠠᠵᠠᠢ᠃
    ᠲᠣᠳᠣ ᠪᠢᠴᠢᠭ ᠨᠢ ᠮᠣᠩᠭᠣᠯ ᠪᠢᠴᠢᠭ ᠢ᠋ ᠪᠣᠯᠪᠠᠰᠤᠷᠠᠩᠭᠤᠢ ᠪᠣᠯᠭᠠᠬᠤ ᠭᠡᠰᠡᠨ ᠠᠩᠬᠠᠨ ᠤ᠋ ᠣᠷᠣᠯᠳᠣᠯᠭ᠎ᠠ ᠪᠣᠯᠪᠠᠴᠤ᠂ ᠨᠡᠢᠲᠡ ᠮᠣᠩᠭᠣᠯᠴᠤᠳ ᠤ᠋ᠨ ᠳᠤᠮᠳᠠ ᠲᠦᠭᠡᠭᠡᠨ ᠳᠡᠯᠭᠡᠷᠡᠵᠦ ᠴᠢᠳᠠᠭ᠎ᠠ ᠦᠭᠡᠢ᠂ ᠭᠡᠪᠡᠴᠦ ᠱᠠᠰᠢᠨ ᠨᠣᠮ ᠤ᠋ᠨ ᠬᠦᠷᠢᠶᠡᠨ ᠳ᠋ᠦ᠍ ᠶᠡᠬᠡᠬᠡᠨ ᠳᠤᠷᠠᠰᠬᠠᠯ ᠦᠯᠡᠳᠡᠭᠡᠭᠰᠡᠨ ᠪᠥᠭᠡᠳ ᠣᠳᠣ ᠬᠦᠷᠲᠡᠯ᠎ᠡ ᠰᠢᠨᠵᠢᠶᠠᠩ ᠣᠷᠣᠨ ᠢ᠋ᠶ᠋ᠠᠷ ᠬᠡᠷᠡᠭᠯᠡᠭᠳᠡᠵᠦ ᠪᠠᠢᠳᠠᠭ ᠶᠤᠮ ᠠ᠋᠃

ᠨᠠᠢ᠍ᠮᠠ᠂ ᠬᠡᠪᠲᠡᠭᠡ ᠳᠥᠷᠪᠡᠯᠵᠢᠨ ᠪᠢᠴᠢᠭ

    ᠬᠡᠪᠲᠡᠭᠡ ᠳᠥᠷᠪᠡᠯᠵᠢᠨ ᠪᠢᠴᠢᠭ ᠨᠢ ᠮᠢᠩᠭ᠎ᠠ ᠵᠢᠷᠭᠤᠭᠠᠨ ᠵᠠᠭᠤ ᠨᠠᠶᠠᠨ ᠵᠢᠷᠭᠤᠭᠠᠨ ᠣᠨ ᠳ᠋ᠤ᠌ ᠬᠠᠯᠬ᠎ᠠ ᠶ᠋ᠢᠨ ᠥᠨᠳᠥᠷ ᠭᠡᠭᠡᠨ ᠵᠠᠨᠠᠪᠠᠽᠠᠷ ᠲᠥᠪᠡᠳ ᠰᠠᠨᠰᠺᠷᠢᠲ ᠪᠢᠴᠢᠭ ᠲᠦ᠍ ᠲᠤᠯᠭᠠᠭᠤᠷᠢᠯᠠᠭᠰᠠᠨ ᠬᠡᠪᠲᠡᠭᠡ ᠳᠥᠷᠪᠡᠯᠵᠢᠨ ᠪᠢᠴᠢᠭ ᠢ᠋ ᠵᠣᠬᠢᠶᠠᠵᠠᠢ᠃ ᠡᠨᠡ ᠦᠰᠦᠭ ᠪᠢᠴᠢᠭ ᠨᠢ ᠴᠣᠬᠣᠮ ᠶᠠᠮᠠᠷ ᠰᠢᠯᠲᠠᠭᠠᠨ ᠢ᠋ᠶ᠋ᠠᠷ ᠵᠣᠬᠢᠶᠠᠭᠳᠠᠭᠰᠠᠨ ᠨᠢ ᠲᠣᠳᠣᠷᠬᠠᠢ ᠦᠭᠡᠢ ᠪᠥᠭᠡᠳ ᠲᠡᠳᠦᠢ ᠯᠡ ᠥᠷᠭᠡᠨ ᠳᠡᠯᠭᠡᠷᠡᠵᠦ ᠴᠢᠳᠠᠭ᠎ᠠ ᠦᠭᠡᠢ᠃
    ᠬᠡᠪᠲᠡᠭᠡ ᠳᠥᠷᠪᠡᠯᠵᠢᠨ ᠪᠢᠴᠢᠭ ᠨᠢ ᠰᠣᠶᠣᠩᠪᠣ ᠦᠰᠦᠭ ᠲᠡᠢ ᠠᠳᠠᠯᠢ ᠪᠠᠷ ᠠᠷᠪᠠᠨ ᠳᠣᠯᠣᠳᠤᠭᠠᠷ ᠵᠠᠭᠤᠨ ᠤ᠋ ᠮᠣᠩᠭᠣᠯ ᠬᠡᠯᠡᠨ ᠦ᠌ ᠲᠥᠪ ᠠᠶᠠᠯᠭ᠎ᠠ ᠪᠠᠷ ᠰᠠᠭᠤᠷᠢᠯᠠᠭᠰᠠᠨ ᠨᠢ ᠰᠣᠨᠢᠷᠬᠠᠯᠲᠠᠢ ᠶᠤᠮ ᠠ᠋᠃

ᠶᠢᠰᠦ᠂ ᠰᠣᠶᠣᠩᠪᠣ ᠦᠰᠦᠭ

    ᠮᠥᠨ ᠬᠠᠯᠬ᠎ᠠ ᠶ᠋ᠢᠨ ᠥᠨᠳᠥᠷ ᠭᠡᠭᠡᠨ ᠪᠣᠷᠵᠢᠭᠢᠨ ᠣᠪᠣᠭᠲᠤ ᠶ᠋ᠢᠨ ᠭᠣᠮᠪᠣᠳᠣᠷᠵᠢ ᠶ᠋ᠢᠨ ᠵᠠᠨᠠᠪᠠᠽᠠᠷ ᠮᠢᠩᠭ᠎ᠠ ᠵᠢᠷᠭᠤᠭᠠᠨ ᠵᠠᠭᠤᠨ ᠨᠠᠶᠠᠨ ᠵᠢᠷᠭᠤᠭᠠᠨ ᠣᠨ ᠳ᠋ᠤ᠌ ᠮᠣᠩᠭᠣᠯ᠂ ᠰᠠᠨᠰᠺᠷᠢᠲ᠂ ᠲᠥᠪᠡᠳ ᠦᠭᠡ ᠪᠢᠴᠢᠭ ᠲᠦ᠍ ᠵᠣᠷᠢᠭᠤᠯᠤᠨ ᠡᠨᠡᠳᠬᠡᠭ᠂ ᠯᠠᠨᠽᠢ᠂ ᠨᠠᠭᠠᠷ ᠦᠰᠦᠭ ᠦ᠋ᠳ ᠢ᠋ᠶ᠋ᠡᠷ ᠰᠠᠨᠠᠭ᠎ᠠ ᠠᠪᠴᠤ ᠶᠡᠷᠡᠨ ᠦᠰᠦᠭ ᠪᠦᠬᠦᠢ ᠰᠣᠶᠣᠩᠪᠣ ᠦᠰᠦᠭ ᠢ᠋ ᠵᠣᠬᠢᠶᠠᠵᠠᠢ᠃ ᠰᠣᠶᠣᠩᠪᠣ ᠦᠰᠦᠭ ᠨᠢ ᠰᠠᠨᠰᠺᠷᠢᠲ ᠬᠡᠯᠡ ᠪᠡᠷ ᠥᠪᠡᠷ ᠢ᠋ᠶ᠋ᠡᠨ ᠪᠣᠢ ᠪᠣᠯᠤᠭᠰᠠᠨ ᠭᠡᠭᠡᠨ ᠦᠰᠦᠭ ᠭᠡᠰᠡᠨ ᠤᠳᠬ᠎ᠠ ᠲᠠᠢ᠃
    ᠵᠠᠨᠠᠪᠠᠽᠠᠷ ᠡᠨᠡ ᠪᠢᠴᠢᠭ ᠢ᠋ᠶ᠋ᠡᠨ ᠵᠣᠬᠢᠶᠠᠭᠰᠠᠨ ᠤᠴᠢᠷ ᠢ᠋ᠶ᠋ᠠᠨ ᠲᠠᠢᠯᠪᠤᠷᠢᠯᠠᠬᠤ ᠳ᠋ᠤ᠌᠄《ᠲᠥᠪᠡᠳ᠂ ᠰᠠᠨᠰᠺᠷᠢᠲ ᠬᠡᠯᠡᠨ ᠦ᠌ ᠦᠭᠡ ᠶ᠋ᠢ ᠲᠡᠮᠳᠡᠭᠯᠡᠬᠦ ᠪᠣᠯᠤᠮᠵᠢ ᠶ᠋ᠢ ᠤᠯᠠᠮ ᠨᠠᠷᠢᠨ ᠪᠣᠯᠭᠠᠬᠤ ᠰᠠᠨᠠᠭ᠎ᠠ ᠠᠭᠤᠯᠤᠭᠰᠠᠨ ᠪᠠᠢᠳᠠᠭ ᠠ᠋!》 ᠭᠡᠵᠦ ᠬᠡᠯᠡᠭᠰᠡᠨ ᠶᠦᠮ ᠠ᠋᠃

ᠠᠷᠪᠠ᠂ ᠸᠠᠭᠢᠨᠳᠠᠷ᠎ᠠ ᠪᠢᠴᠢᠭ

    ᠴᠠᠨᠢᠳ ᠬᠠᠮᠪᠤᠳᠣᠷᠵᠢ ᠶ᠋ᠢᠨ ᠠᠭᠸᠠᠩ ᠮᠢᠩᠭ᠎ᠠ ᠶᠢᠰᠦᠨ ᠵᠠᠭᠤᠨ ᠲᠠᠪᠤᠨ ᠣᠨ ᠳ᠋ᠤ᠌ ᠪᠠᠷᠠᠭᠤᠨ ᠪᠤᠷᠢᠶᠠᠳ ᠠᠶᠠᠯᠭᠤᠨ ᠤ᠋ ᠣᠨᠴᠠᠯᠢᠭ ᠲᠤ ᠲᠣᠬᠢᠷᠠᠭᠤᠯᠵᠤ᠂ ᠮᠣᠩᠭᠣᠯ ᠪᠢᠴᠢᠭ ᠪᠣᠯᠤᠨ ᠲᠣᠳᠣ ᠪᠢᠴᠢᠭ ᠲᠦ᠍ ᠭᠣᠣᠯᠯᠠᠨ ᠲᠤᠯᠭᠠᠭᠤᠷᠢᠯᠠᠵᠤ ᠪᠤᠷᠢᠶᠠᠳ ᠤ᠋ᠨ ᠰᠢᠨ᠎ᠡ ᠦᠰᠦᠭ ᠪᠤᠶᠤ ᠸᠠᠭᠢᠨᠳᠠᠷ᠎ᠠ ᠦᠰᠦᠭ ᠢ᠋ ᠵᠣᠬᠢᠶᠠᠵᠠᠢ᠃
    ᠸᠠᠭᠢᠨᠳᠠᠷ᠎ᠠ ᠦᠰᠦᠭ ᠨᠢ ᠲᠣᠳᠣ ᠪᠢᠴᠢᠭ ᠲᠡᠢ ᠠᠳᠠᠯᠢ ᠰᠤᠷᠬᠤ ᠳ᠋ᠤ᠌ ᠢᠯᠡᠭᠦᠦ ᠲᠣᠳᠣᠷᠬᠠᠢ ᠬᠢᠯᠪᠠᠷ ᠪᠣᠯᠭᠠᠬᠤ ᠶ᠋ᠢ ᠬᠢᠴᠢᠶᠡᠭᠰᠡᠨ ᠢ᠋ᠶ᠋ᠡᠷ ᠲᠥᠰᠲᠡᠢ ᠶᠦᠮ ᠠ᠋᠃
    ᠡᠨᠡ ᠪᠢᠴᠢᠭ ᠨᠢ ᠲᠤᠬᠠᠢ ᠶ᠋ᠢᠨ ᠴᠠᠭ ᠲᠤ ᠭᠣᠣᠯ ᠲᠥᠯᠥᠪ ᠪᠤᠷᠢᠶᠠᠳ᠂ ᠰᠸᠧᠳᠧᠨ ᠦ᠌ ᠳᠤᠮᠳᠠ ᠬᠡᠷᠡᠭᠯᠡᠭᠳᠡᠵᠦ ᠪᠠᠢᠭᠰᠠᠨ ᠶᠤᠮ᠃ ᠸᠠᠭᠢᠨᠳᠠᠷ᠎ᠠ ᠪᠢᠴᠢᠭ ᠨᠢ ᠮᠣᠩᠭᠣᠯ ᠬᠡᠯᠡᠨ ᠦ᠌ ᠪᠤᠷᠢᠶᠠᠳ ᠠᠶᠠᠯᠭ᠎ᠠ ᠶ᠋ᠢ ᠭᠣᠣᠯᠯᠠᠨ ᠲᠡᠮᠳᠡᠭᠯᠡᠬᠦ ᠶ᠋ᠢᠨ ᠵᠡᠷᠭᠡᠴᠡᠭᠡ ᠪᠡᠷ ᠰᠯᠠᠹ ᠠᠶᠠᠯᠭᠤᠨ ᠤ᠋ ᠣᠨᠴᠠᠯᠢᠭ ᠢ᠋ ᠳᠤᠰᠬᠠᠭᠰᠠᠨ᠃

ᠠᠷᠪᠠᠨ ᠨᠢᠭᠡ᠂ ᠯᠠᠲ᠋ᠢᠨ ᠪᠢᠴᠢᠭ

    ᠮᠣᠩᠭᠣᠯ ᠪᠢᠴᠢᠭ ᠲᠦ᠍ ᠨᠢᠭᠡᠨ ᠪᠢᠴᠢᠭ ᠢ᠋ᠶ᠋ᠡᠷ ᠬᠡᠳᠦ ᠬᠡᠳᠦᠨ ᠠᠪᠢᠶ᠎ᠠ ᠶ᠋ᠢ ᠲᠡᠮᠳᠡᠭᠯᠡᠳᠡᠭ ᠤᠴᠢᠷ ᠠ᠋ᠴᠠ ᠬᠣᠴᠣᠷᠤᠩᠭᠤᠢ ᠴᠣ ᠶᠤᠮ ᠤᠤ᠂ ᠰᠤᠷᠬᠤ ᠳ᠋ᠤ᠌ ᠬᠡᠴᠡᠭᠦᠦ ᠭᠡᠵᠦ ᠰᠢᠯᠲᠠᠭᠠᠯᠠᠭᠠᠳ ᠮᠣᠰᠺᠸᠠ ᠳ᠋ᠤ᠌ ᠪᠣᠯᠤᠭᠰᠠᠨ ᠬᠤᠷᠠᠯᠳᠤᠭᠠᠨ ᠢ᠋ᠶ᠋ᠠᠷ ᠳᠠᠮᠵᠢᠭᠠᠳ᠂ ᠯᠠᠲ᠋ᠢᠨ ᠦᠰᠦᠭ ᠨᠢ ᠮᠢᠩᠭ᠎ᠠ ᠶᠢᠰᠦᠨ ᠵᠠᠭᠤ ᠳᠥᠴᠢᠨ ᠨᠢᠭᠡᠨ ᠣᠨ ᠤ᠋ ᠬᠣᠶᠠᠷ ᠰᠠᠷ᠎ᠠ ᠶ᠋ᠢᠨ ᠨᠢᠭᠡᠨ ᠳ᠋ᠦ᠍ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠠᠯᠪᠠᠨ ᠶᠣᠰᠣᠨ ᠤ᠋ ᠪᠢᠴᠢᠭ ᠪᠣᠯᠤᠭᠰᠠᠨ᠃ ᠭᠡᠪᠡᠴᠦ ᠭᠠᠭᠴᠠᠬᠠᠨ ᠰᠠᠷ᠎ᠠ ᠶ᠋ᠢᠨ ᠳᠠᠷᠠᠭ᠎ᠠ ᠪᠤᠶᠤ ᠭᠤᠷᠪᠠᠨ ᠰᠠᠷ᠎ᠠ ᠶ᠋ᠢᠨ ᠬᠣᠷᠢᠨ ᠲᠠᠪᠤᠨ ᠳ᠋ᠤ᠌ ᠡᠨᠡ ᠰᠢᠢᠳᠪᠦᠷᠢ ᠪᠡᠨ ᠪᠤᠴᠠᠭᠠᠭᠠᠳ᠂ ᠺᠢᠷᠢᠯ ᠦᠰᠦᠭ ᠤᠷᠤᠭᠤ ᠰᠢᠯᠵᠢᠭᠦᠯᠬᠦ ᠲᠣᠭᠲᠠᠭᠠᠯ ᠢ᠋ᠶ᠋ᠠᠷ ᠲᠡᠭᠦᠰᠬᠡᠯ ᠪᠣᠯᠤᠭᠰᠠᠨ ᠶᠤᠮ᠃
    ᠭᠡᠪᠡᠴᠦ ᠮᠣᠩᠭᠣᠯᠴᠤᠳ ᠥᠨᠥ ᠬᠦᠷᠲᠡᠯ᠎ᠡ ᠯᠠᠲ᠋ᠢᠨ ᠮᠠᠶᠢᠭ ᠤ᠋ᠨ ᠦᠰᠦᠭ ᠢ᠋ ᠴᠠᠬᠢᠮ ᠢ᠋ᠶ᠋ᠠᠷ ᠬᠡᠷᠡᠭᠯᠡᠵᠦ ᠪᠠᠢᠭ᠎ᠠ ᠨᠢ ᠲᠦᠭᠡᠮᠡᠯ ᠶᠦᠮ ᠠ᠋᠃

ᠠᠷᠪᠠᠨ ᠬᠣᠶᠠᠷ᠂ ᠺᠢᠷᠢᠯ ᠪᠢᠴᠢᠭ

    ᠮᠣᠩᠭᠣᠯ ᠪᠢᠴᠢᠭ ᠢ᠋ ᠺᠢᠷᠢᠯ ᠪᠢᠴᠢᠭ ᠲᠦ᠍ ᠰᠢᠯᠵᠢᠭᠦᠯᠬᠦ ᠰᠢᠢᠳᠪᠦᠷᠢ ᠶ᠋ᠢ ᠮᠠᠰᠢ ᠪᠣᠭᠣᠨᠢ ᠬᠤᠭᠤᠴᠠᠭᠠᠨ ᠳ᠋ᠤ᠌ ᠬᠤᠷᠳᠤ ᠲᠠᠢ ᠪᠠᠷ ᠬᠡᠷᠡᠭᠵᠢᠭᠦᠯᠵᠡᠢ᠃ ᠮᠢᠩᠭ᠎ᠠ ᠶᠢᠰᠦᠨ ᠵᠠᠭᠤ ᠳᠥᠴᠢᠨ ᠲᠠᠪᠤᠨ ᠣᠨ ᠤ᠋ ᠲᠠᠪᠤᠨ ᠰᠠᠷ᠎ᠠ ᠶ᠋ᠢᠨ ᠶᠢᠰᠦᠨ ᠦ᠌ ᠡᠳᠦᠷ ᠰᠢᠨ᠎ᠡ ᠦᠰᠦᠭ ᠦ᠋ᠨ ᠲᠥᠯᠥᠪᠯᠡᠭᠡ ᠶ᠋ᠢ ᠪᠠᠲᠤᠯᠠᠵᠤ᠂ ᠮᠢᠩᠭ᠎ᠠ ᠶᠢᠰᠦᠨ ᠵᠠᠭᠤ ᠳᠥᠴᠢᠨ ᠲᠠᠪᠤᠨ ᠣᠨ ᠤ᠋ ᠲᠠᠪᠤᠨ ᠰᠠᠷ᠎ᠠ ᠶ᠋ᠢᠨ ᠠᠷᠪᠠᠨ ᠨᠠᠢ᠍ᠮᠠᠨ ᠤ᠋ ᠡᠳᠦᠷ ᠦ᠋ᠨ ᠬᠠᠮᠲᠤᠷᠠᠭᠰᠠᠨ ᠬᠤᠷᠠᠯ ᠤ᠋ᠨ ᠲᠣᠭᠲᠠᠭᠠᠯ ᠢ᠋ᠶ᠋ᠠᠷ ᠪᠦᠬᠦ ᠠᠯᠪᠠᠨ ᠬᠡᠷᠡᠭ ᠪᠠ ᠪᠦᠬᠦ ᠬᠡᠪᠯᠡᠯ ᠢ᠋ ᠰᠢᠨ᠎ᠡ ᠦᠰᠦᠭ ᠢ᠋ᠶ᠋ᠡᠷ ᠶᠠᠪᠤᠭᠤᠯᠬᠤ ᠪᠠᠷ ᠰᠢᠢᠳᠪᠦᠷᠢᠯᠡᠭᠰᠡᠨ ᠪᠠᠢᠨ᠎ᠠ᠃
    ᠮᠣᠩᠭᠣᠯ ᠬᠡᠯᠡ ᠶ᠋ᠢ ᠲᠡᠮᠳᠡᠭᠯᠡᠬᠦ ᠺᠢᠷᠢᠯ ᠦᠰᠦᠭ ᠦ᠋ᠨ ᠴᠠᠭᠠᠨ ᠲᠣᠯᠣᠭᠠᠢ ᠶ᠋ᠢ ᠣᠷᠣᠰ ᠤ᠋ᠨ ᠭᠤᠴᠢᠨ ᠭᠤᠷᠪᠠᠨ ᠦᠰᠦᠭ ᠳᠡᠭᠡᠷ᠎ᠡ《ᠥ᠊6᠂ ᠦ᠊7》 ᠭᠡᠰᠡᠨ ᠬᠣᠶᠠᠷ ᠡᠭᠡᠰᠢᠭ ᠲᠡᠮᠳᠡᠭ ᠨᠡᠮᠡᠵᠦ᠂ ᠭᠤᠴᠢᠨ ᠲᠠᠪᠤᠨ ᠦᠰᠦᠭ ᠢ᠋ᠶ᠋ᠡᠷ ᠲᠣᠭᠲᠠᠭᠠᠭᠰᠠᠨ ᠶᠤᠮ ᠠ᠋᠃
   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠬᠠᠲᠠᠴᠢ· ᠤᠷᠠᠨ᠎ᠠ᠂ ᠴᠢ᠂ᠤᠷᠠᠨ