ᠪᠠᠭᠰᠢ ᠬᠥᠮᠦᠨ ᠦ᠌ ᠵᠢᠷᠭᠠᠯᠠᠩ-ᠡᠷᠳᠡᠨᠢᠭᠡᠷᠡᠯБагш хүний жаргалан-Эрдэнэгэрэл
ᠪᠠᠭᠰᠢ ᠬᠥᠮᠦᠨ ᠦ᠌ ᠵᠢᠷᠭᠠᠯᠠᠩ
ᠦᠭᠡ᠄ ᠰᠠᠢ᠂ ᠴᠡᠩᠭᠡᠯᠲᠦ
ᠠᠶ᠎ᠠ᠄ ᠰᠢ᠂ ᠪᠠᠲᠤᠰᠠᠢᠬᠠᠨ
ᠳᠠᠭᠤᠴᠢᠨ᠄ ᠡᠷᠳᠡᠨᠢᠭᠡᠷᠡᠯ
ᠵᠤᠨ ᠤ᠋ ᠨᠠᠷᠠ ᠰᠢᠭ᠋ ᠢᠯᠴᠢ ᠲᠡᠢ
ᠵᠢᠪᠬᠤᠭ᠎ᠠ ᠲᠡᠭᠦᠯᠳᠡᠷ ᠲᠥᠷᠬᠦ ᠲᠡᠢ
ᠵᠤᠯᠠᠢ ᠵᠥᠭᠡᠯᠡᠨ ᠬᠡᠦᠬᠡᠳ ᠦ᠋ᠳ ᠲᠡᠢ
ᠵᠠᠶᠠᠭ᠎ᠠ ᠳᠡᠭᠡᠳᠦᠯᠡᠬᠦ ᠪᠠᠭᠰᠢ ᠬᠥᠮᠦᠨ ᠳᠡ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠪᠣᠰᠤᠭ᠎ᠠ ᠮᠣᠩᠭᠣᠯ ᠪᠢᠴᠢᠭ ᠲᠡᠢ
ᠪᠤᠶᠠᠨ ᠤ᠋ ᠴᠠᠭᠠᠨ ᠦᠢᠯᠡᠰ ᠲᠡᠢ
ᠴᠡᠴᠡᠨ ᠰᠡᠷᠭᠦᠯᠡᠩ ᠰᠤᠷᠤᠭᠴᠢᠳ ᠲᠠᠢ
ᠴᠢᠩ ᠵᠢᠷᠤᠮᠲᠤ ᠪᠠᠭᠰᠢ ᠬᠥᠮᠦᠨ ᠳᠡ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠡᠷᠳᠡᠮ ᠦ᠋ᠨ ᠰᠣᠶᠣᠨ ᠬᠢᠴᠢᠶᠡᠯ ᠲᠡᠢ
ᠡᠵᠢ ᠡᠨᠡᠷᠢᠩᠭᠦᠢ ᠰᠡᠳᠬᠢᠯ ᠲᠡᠢ
ᠡᠵᠡᠨ ᠲᠥᠷᠥ ᠶ᠋ᠢᠨ ᠵᠠᠯᠭᠠᠮᠵᠢ ᠲᠠᠢ
ᠦᠯᠡᠮᠵᠢ ᠡᠷᠳᠡᠮᠲᠦ ᠪᠠᠭᠰᠢ ᠬᠥᠮᠦᠨ ᠳᠡ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠪᠠᠭᠰᠢ ᠬᠥᠮᠦᠨ ᠦ᠌ ᠪᠠᠶᠠᠰᠬᠤᠯᠠᠩ
ᠪᠠᠭᠰᠢ ᠬᠥᠮᠦᠨ ᠦ᠌ ᠵᠢᠷᠭᠠᠯᠠᠩ
ᠪᠠᠭᠰᠢ ᠬᠥᠮᠦᠨ ᠦ᠌ ᠵᠢᠷᠭᠠᠯᠠᠩ
ᠦᠰᠦᠭ ᠠᠮᠢᠯᠠᠭᠤᠯᠤᠭᠴᠢ᠄ ᠰᠣᠳᠣ᠂ ᠭᠠᠷᠮ᠎ᠠ
ᠦᠰᠦᠭ ᠬᠠᠳᠠᠭᠴᠢ᠄ ᠰᠣᠳᠣ᠂ ᠭᠠᠸᠠ
ᠦᠰᠦᠭ ᠬᠢᠨᠠᠭᠴᠢ᠄ ᠥᠨᠢᠮᠥ᠋ᠩᠬᠡ
