ᠰᠠᠯᠠᠩ ᠪᠠᠭᠠᠪᠠᠭᠠᠢ -ᠱᠠᠩᠵᠢᠮᠢᠳᠤᠪ ᠤ᠋ᠨ ᠭᠠᠳᠠᠮᠪᠠСалан баавгай
· ᠱᠠᠩᠵᠢᠮᠢᠳᠤᠪ ᠤ᠋ᠨ ᠭᠠᠳᠠᠮᠪᠠ
ᠠᠷᠢᠶᠠᠲᠠᠨ ᠪᠠᠭᠠᠪᠠᠭᠠᠢ ᠠᠩ ᠳ᠋ᠤ᠌ ᠶᠠᠪᠤᠵᠠᠢ᠂
ᠠᠩ ᠳ᠋ᠤ᠌ ᠶᠠᠪᠤᠭᠠᠳ
ᠠᠷᠭᠠᠯᠢ ᠪᠠᠷᠢᠵᠠᠢ᠃ ᠪᠠᠷᠢᠭᠰᠠᠨ ᠠᠷᠭᠠᠯᠢ ᠪᠠᠨ
ᠪᠠᠷᠠᠭᠤᠨ ᠰᠤᠭᠤᠨ ᠳ᠋ᠠᠭᠠᠨ
ᠪᠠᠲᠤ ᠬᠠᠪᠴᠢᠭᠤᠯᠵᠠᠢ᠃
ᠪᠤᠴᠠᠵᠤ ᠶᠠᠪᠤᠭᠠᠳ
ᠪᠤᠭᠤ ᠪᠠᠷᠢᠵᠠᠢ᠂
ᠪᠤᠭᠤ ᠪᠠᠷᠢᠭᠠᠳ
ᠪᠤᠷᠤᠭᠤ ᠰᠤᠭᠤᠨ ᠳ᠋ᠠᠭᠠᠨ
ᠪᠤᠯᠲᠠᠷᠢᠬᠤ ᠦᠭᠡᠢ
ᠬᠠᠪᠴᠢᠭᠤᠯᠵᠠᠢ᠃
ᠣᠷᠣᠢ ᠪᠣᠯᠬᠤ ᠳ᠋ᠤ᠌
ᠣᠭᠣᠲᠣᠨ᠎ᠠ ᠪᠠᠷᠢᠵᠠᠢ᠃
ᠣᠭᠣᠲᠣᠨ᠎ᠠ ᠪᠠᠷᠢᠭᠠᠳ
ᠣᠯᠵᠠᠭᠤᠷᠬᠠᠨ ᠠᠪᠤᠭᠠᠳ
ᠪᠠᠷᠠᠭᠤᠨ ᠰᠤᠭᠤᠨ ᠳ᠋ᠠᠭᠠᠨ ᠪᠠᠰᠠ ᠬᠠᠪᠴᠢᠭᠤᠯᠬᠤ ᠳ᠋ᠠᠭᠠᠨ
ᠠᠩᠬ᠎ᠠ ᠪᠠᠷᠢᠭᠰᠠᠨ ᠠᠷᠭᠠᠯᠢ ᠪᠠᠨ ᠭᠡᠭᠡᠵᠡᠢ᠃
ᠠᠷᠭᠠᠯᠢ ᠪᠠᠨ ᠭᠡᠭᠡᠭᠡᠳ
ᠠᠵᠢᠭ ᠦᠭᠡᠢ ᠶᠠᠪᠤᠵᠠᠢ᠃
ᠦᠳᠡᠰᠢ ᠪᠣᠯᠬᠤ ᠳ᠋ᠤ᠌
ᠦᠶᠡᠩ ᠪᠠᠷᠢᠵᠠᠢ᠂
ᠦᠶᠡᠩ ᠪᠠᠷᠢᠭᠠᠳ ᠦᠭᠦᠴᠡ ᠪᠣᠯᠭᠠᠭᠠᠳ
ᠪᠤᠷᠤᠭᠤ ᠰᠤᠭᠤᠨ ᠳ᠋ᠠᠭᠠᠨ
ᠪᠤᠯᠲᠠᠷᠢᠬᠤ ᠦᠭᠡᠢ ᠬᠠᠪᠴᠢᠭᠤᠯᠵᠠᠢ᠃
ᠪᠤᠯᠲᠠᠷᠢᠬᠤ ᠦᠭᠡᠢ ᠬᠠᠪᠴᠢᠭᠤᠯᠬᠤ ᠳ᠋ᠠᠭᠠᠨ
ᠪᠤᠭᠤ ᠪᠠᠨ ᠭᠡᠭᠡᠭᠡᠳ
ᠪᠤᠴᠠᠯᠲᠠ ᠦᠭᠡᠢ ᠶᠠᠪᠤᠵᠠᠢ᠃
ᠲᠦᠷᠦᠭᠦᠴᠢ ᠶ᠋ᠢ ᠨᠢ ᠭᠡᠭᠡᠵᠦ
ᠰᠡᠭᠦᠯᠴᠢ ᠶ᠋ᠢ ᠨᠢ ᠰᠤᠭᠤᠪᠴᠢᠯᠠᠭᠰᠠᠭᠠᠷ
ᠢᠴᠡᠭᠡ ᠨᠦᠬᠡᠨ ᠳ᠋ᠡᠭᠡᠨ
ᠢᠷᠡᠭᠡᠳ ᠦᠵᠡᠪᠡᠯ
ᠬᠣᠶᠠᠷ ᠰᠤᠭᠤ ᠨᠢ
ᠬᠣᠭᠣᠰᠣᠨ ᠪᠠᠢᠵᠠᠢ᠃ ᠬᠠᠮᠤᠭ ᠤ᠋ᠨ ᠰᠡᠭᠦᠯ ᠳ᠋ᠦ᠍
ᠬᠠᠷ᠎ᠠ ᠰᠢᠷᠭᠤᠯᠵᠢ ᠬᠠᠮᠤᠵᠤ ᠬᠢᠭᠰᠡᠨ ᠨᠢ
ᠬᠠᠶᠠᠭᠳᠠᠭᠰᠠᠨ ᠪᠠᠢᠵᠠᠢ᠃
ᠠᠳᠠᠭ ᠰᠡᠭᠦᠯ ᠳ᠋ᠦ᠍ᠨᠢ
ᠠᠯᠠᠭ ᠰᠢᠷᠭᠤᠯᠵᠢ
ᠠᠪᠴᠤ ᠬᠠᠪᠴᠢᠭᠤᠯᠤᠭᠰᠠᠨ ᠨᠢ
ᠠᠯᠠᠭ᠎ᠠ ᠪᠠᠢᠵᠠᠢ᠃
ᠰᠠᠯᠠᠩ ᠪᠠᠭᠠᠪᠠᠭᠠᠢ ᠶ᠋ᠢᠨ ᠦᠯᠢᠭᠡᠷ ᠢ᠋ ᠰᠠᠨᠠᠵᠤ ᠶᠠᠪᠤᠭᠠᠷᠠᠢ᠂ ᠪᠠᠭᠠᠴᠤᠳ ᠠ᠋!
ᠡᠬᠢᠯᠡᠭᠡᠳ ᠰᠤᠷᠤᠭᠰᠠᠨ ᠢ᠋ᠶ᠋ᠠᠨ ᠬᠡᠭᠡᠯ ᠦᠭᠡᠢ ᠡᠷᠭᠢᠵᠦ ᠳᠠᠪᠲᠠᠵᠤ ᠪᠠᠢᠭᠠᠷᠠᠢ!
1958 ᠣᠨ
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ ᠪᠠᠭᠰᠢ᠄ ᠤᠤᠬᠠᠠᠨᠰᠤᠡ᠂ ᠪᠠᠶᠠᠨᠴᠡᠴᠡᠭ
