ᠬᠠᠢᠷ᠎ᠠ ᠶ᠋ᠢᠨ ᠪᠦᠪᠡᠢ ᠲᠡᠢ ᠡᠨᠡᠷᠢᠩᠭᠦᠢ ᠬᠣᠷᠸ᠎ᠠ-ᠡᠩᠬᠡᠵᠤᠯᠠХайрын бүүвэйтэй энэрэнгүй хорвоо-Энхзоол
ᠬᠠᠢᠷ᠎ᠠ ᠶ᠋ᠢᠨ ᠪᠦᠪᠡᠢ ᠲᠡᠢ ᠡᠨᠡᠷᠢᠩᠭᠦᠢ ᠬᠣᠷᠸ᠎ᠠ
ᠦᠭᠡ ᠄ ᠣᠳᠬᠣᠨᠭᠡᠷᠡᠯ
ᠠᠶ᠎ᠠ ᠄ ᠪᠠᠶᠠᠨ
ᠳᠠᠭᠤᠴᠢᠨ᠄ ᠡᠩᠬᠡᠵᠤᠯᠠ
ᠬᠥᠬᠡ ᠲᠩᠷᠢ ᠣᠳᠣᠳ ᠢ᠋ᠶ᠋ᠠᠨ ᠪᠦᠪᠡᠢᠯᠡᠭᠰᠡᠨ
ᠬᠥᠷᠥᠰᠥᠲᠦ ᠳᠡᠯᠡᠬᠡᠢ ᠠᠮᠢᠲᠠᠨ ᠢ᠋ᠶ᠋ᠠᠨ ᠪᠦᠪᠡᠢᠯᠡᠭᠰᠡᠨ
ᠬᠥᠮᠦᠨ ᠲᠥᠷᠥᠯᠬᠢᠲᠡᠨ ᠦᠷ᠎ᠡ ᠪᠡᠨ ᠪᠦᠪᠡᠢᠯᠡᠭᠰᠡᠨ
ᠬᠠᠮᠤᠭ ᠪᠦᠬᠦᠨ ᠬᠠᠮᠲᠤ ᠳ᠋ᠤ᠌ ᠪᠠᠨ ᠪᠦᠪᠡᠢᠯᠡᠭᠰᠡᠨ
ᠬᠠᠢᠷ᠎ᠠ ᠶ᠋ᠢᠨ ᠪᠦᠪᠡᠢ ᠲᠡᠢ ᠡᠨᠡᠷᠢᠩᠭᠦᠢ ᠬᠣᠷᠸ᠎ᠠ ᠮᠢᠨᠢ
ᠡᠨᠡᠷᠢᠩᠭᠦᠢ ᠬᠣᠷᠸ᠎ᠠ ᠮᠢᠨᠢ
ᠲᠥᠷᠥ ᠭᠦᠷᠦᠨ ᠠᠷᠠᠳ ᠢ᠋ᠶ᠋ᠠᠨ ᠪᠦᠪᠡᠢᠯᠡᠭᠰᠡᠨ
ᠲᠡᠦᠬᠡ ᠳᠣᠮᠣᠭ ᠳᠡᠭᠡᠳᠦᠰ ᠢ᠋ᠶ᠋ᠡᠨ ᠪᠦᠪᠡᠢᠯᠡᠭᠰᠡᠨ
ᠲᠥᠷᠥᠯᠬᠢ ᠬᠡᠯᠡ ᠦᠨᠳᠦᠰᠦᠲᠡᠨ ᠢ᠋ᠶ᠋ᠡᠨ ᠪᠦᠪᠡᠢᠯᠡᠭᠰᠡᠨ
ᠲᠢᠪ ᠳᠡᠯᠡᠬᠡᠢ ᠳᠠᠶᠠᠭᠠᠷ ᠢ᠋ᠶ᠋ᠠᠨ ᠪᠦᠪᠡᠢᠯᠡᠭᠰᠡᠨ
ᠬᠠᠢᠷ᠎ᠠ ᠶ᠋ᠢᠨ ᠪᠦᠪᠡᠢ ᠲᠡᠢ ᠡᠨᠡᠷᠢᠩᠭᠦᠢ ᠬᠣᠷᠸ᠎ᠠ ᠮᠢᠨᠢ
ᠡᠨᠡᠷᠢᠩᠭᠦᠢ ᠬᠣᠷᠸ᠎ᠠ ᠮᠢᠨᠢ
ᠠᠭᠠᠷ ᠲᠩᠷᠢ ᠡᠭᠦᠯᠡ ᠪᠡᠨ ᠪᠦᠪᠡᠢᠯᠡᠭᠰᠡᠨ
ᠠᠭᠤᠳᠠᠮ ᠲᠠᠯ᠎ᠠ ᠥᠷᠥᠴᠡ ᠪᠡᠨ ᠪᠦᠪᠡᠢᠯᠡᠭᠰᠡᠨ
ᠤᠨᠢᠶᠠᠷ ᠪᠤᠳᠠᠩ ᠲᠤᠯᠤᠭᠠᠳ ᠢ᠋ᠶ᠋ᠠᠨ ᠪᠦᠪᠡᠢᠯᠡᠭᠰᠡᠨ
ᠠᠮᠢᠲᠠᠨ ᠭᠣᠣᠯᠳᠠᠨ ᠪᠦᠬᠦᠨ ᠢ᠋ᠶ᠋ᠡᠷ ᠢ᠋ᠶ᠋ᠡᠨ ᠪᠦᠪᠡᠢᠯᠡᠭᠰᠡᠨ
ᠬᠠᠢᠷ᠎ᠠ ᠶ᠋ᠢᠨ ᠪᠦᠪᠡᠢ ᠲᠡᠢ ᠡᠨᠡᠷᠢᠩᠭᠦᠢ ᠬᠣᠷᠸ᠎ᠠ ᠮᠢᠨᠢ
ᠡᠨᠡᠷᠢᠩᠭᠦᠢ ᠬᠣᠷᠸ᠎ᠠ ᠮᠢᠨᠢ
ᠢᠷᠡᠯᠲᠡ ᠄ ᠪᠠᠶᠠᠨ ᠳᠠᠭᠤᠤ ᠬᠥᠭᠵᠢᠮ ᠦ᠋ᠨ ᠲᠠᠪᠴᠠᠩ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ᠊ ᠄ ᠤᠷᠠᠨᠴᠡᠴᠡᠭ
ᠬᠢᠨᠠᠯᠲᠠ ᠄ ᠪᠢᠮᠪᠠ
