ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ- ᠣ᠂ ᠳᠠᠯᠠᠨᠲᠠᠢ᠂ ᠰ᠂ ᠡᠷᠳᠡᠨᠢᠴᠡᠴᠡᠭ Хайрыг хүндэтгэж яваарай-О,Далантай,С,Эрдэнцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ- ᠣ᠂ ᠳᠠᠯᠠᠨᠲᠠᠢ᠂ ᠰ᠂ ᠡᠷᠳᠡᠨᠢᠴᠡᠴᠡᠭ Хайрыг хүндэтгэж яваарай-О,Далантай,С,Эрдэнцэцэг

ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ- ᠣ᠂ ᠳᠠᠯᠠᠨᠲᠠᠢ᠂ ᠰ᠂ ᠡᠷᠳᠡᠨᠢᠴᠡᠴᠡᠭ Хайрыг хүндэтгэж яваарай-О,Далантай,С,Эрдэнцэцэг

ᠠᠩᠭᠢᠯᠠᠯ:ᠳᠠᠭᠤᠤ ᠬᠥᠭᠵᠢᠮ
2024-09-11

2520

ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ 

   ᠦᠭᠡ᠄ ᠨ ᠡᠩᠬᠡᠪᠠᠶᠠᠷ 
   ᠠᠶ᠎ᠠ᠄ ᠷ᠂ ᠪᠠᠲᠤᠡᠷᠳᠡᠨᠢ 
   — ᠣ᠂ ᠳᠠᠯᠠᠨᠲᠠᠢ᠂ ᠰ᠂ ᠡᠷᠳᠡᠨᠢᠴᠡᠴᠡᠭ ᠳᠠᠭᠤᠯᠠᠨ᠎ᠠ 

ᠰᠡᠭᠦᠳᠡᠷ ᠲᠤᠰᠬᠤ ᠶ᠋ᠢᠨ ᠲᠡᠳᠦᠢ ᠳ᠋ᠦ᠍ ᠰᠡᠪᠲᠦᠭᠡᠵᠦ 
ᠰᠡᠭᠦᠯ ᠳ᠋ᠦ᠍ ᠤᠴᠠᠷᠠᠬᠤ ᠦᠭᠡᠢ ᠨᠢᠰᠦᠨ ᠣᠳᠤᠭᠰᠠᠨ ᠴᠦ᠍ 
ᠰᠡᠭᠦᠯᠴᠢ ᠶ᠋ᠢᠨ ᠬᠣᠩᠬᠣ ᠲᠠᠢ ᠵᠢᠷᠦᠬᠡᠨ ᠳ᠋ᠦ᠍ ᠬᠣᠨᠣᠭᠰᠢᠬᠤ 
ᠰᠦᠨ ᠴᠠᠢᠯᠭᠠᠨ ᠭᠡᠭᠡᠨ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ 
ᠰᠡᠭᠦᠯᠴᠢ ᠶ᠋ᠢᠨ ᠬᠣᠩᠬᠣ ᠲᠠᠢ ᠵᠢᠷᠦᠬᠡᠨ ᠳ᠋ᠦ᠍ ᠬᠣᠨᠣᠭᠰᠢᠬᠤ 
ᠰᠦᠨ ᠴᠠᠢᠯᠭᠠᠨ ᠭᠡᠭᠡᠨ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ 

ᠬᠠᠷᠠᠴᠠᠨ ᠠ᠋ᠴᠠ ᠥᠭᠡᠷ᠎ᠡ ᠤᠴᠠᠷᠠᠯ ᠠᠮᠰᠠᠭ᠎ᠠ ᠦᠭᠡᠢ ᠴᠦ᠍
ᠬᠠᠲᠤᠨ ᠵᠢᠷᠦᠬᠡᠨ ᠳ᠋ᠦ᠍ ᠮᠥᠩᠬᠡ ᠶ᠋ᠢᠨ ᠪᠠᠢᠷᠢ ᠲᠠᠢ
ᠭᠡᠬᠢᠯᠵᠡᠨ ᠰᠠᠨᠠᠭᠠᠳ ᠡᠷᠬᠡᠯᠡᠨ ᠲᠤᠨᠢᠷᠬᠠᠳᠠᠭ
ᠭᠡᠨᠡᠨ ᠴᠠᠢᠯᠭᠠᠨ ᠭᠡᠭᠡᠨ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ
ᠭᠡᠬᠢᠯᠵᠡᠨ  ᠰᠠᠨᠠᠭᠠᠳ ᠡᠷᠬᠡᠯᠡᠨ ᠲᠣᠨᠢᠷᠬᠠᠳᠠᠭ
ᠭᠡᠨᠡᠨ ᠴᠠᠢᠯᠭᠠᠨ ᠭᠡᠭᠡᠨ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ

ᠦᠢᠯᠡᠰ ᠦ᠋ᠨ ᠲᠩᠷᠢ ᠳ᠋ᠦ᠍ ᠢᠵᠢᠯᠢᠳᠡᠨ ᠳᠠᠰᠤᠭᠠᠳ
ᠦᠨᠡᠨ ᠪᠠᠲᠤ ᠪᠠᠷ ᠨᠥᠬᠥᠷᠯᠡᠵᠦ ᠶᠠᠪᠤᠬᠤ ᠳ᠋ᠤ᠌
ᠦᠶᠡᠷᠬᠡᠯ ᠦ᠋ᠨ ᠭᠦᠨ ᠡᠴᠡ ᠨᠢᠭᠤᠴᠠᠬᠠᠨ ᠦᠯᠡᠳᠡᠬᠦ
ᠦᠢ ᠵᠠᠢ ᠦᠭᠡᠢ ᠨᠠᠰᠤᠨ ᠤ᠋ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ
ᠦᠶᠡᠷᠬᠡᠯ ᠦ᠋ᠨ ᠭᠦᠨ ᠡᠴᠡ ᠨᠢᠭᠤᠴᠠᠬᠠᠨ ᠦᠯᠡᠳᠡᠬᠦ
ᠦᠢ ᠵᠠᠢ ᠦᠭᠡᠢ ᠨᠠᠰᠤᠨ ᠤ᠋ ᠬᠠᠢᠷ᠎ᠠ ᠶ᠋ᠢ ᠬᠦᠨᠳᠦᠳᠬᠡᠵᠦ ᠶᠠᠪᠤᠭᠠᠷᠠᠢ
ᠦᠢ ᠵᠠᠢ ᠦᠭᠡᠢ ᠨᠠᠰᠤᠨ ᠤ᠋ ᠬᠠᠢᠷ᠎ᠠ  ᠶ᠋ᠢ ᠬᠦᠨᠳᠦᠳᠬᠡᠵᠦ ᠶᠠᠪᠤᠭᠠᠷᠠᠢ
ᠬᠦᠨᠳᠦᠳᠬᠡᠵᠦ ᠶᠠᠪᠤᠭᠠᠷᠠᠢ᠁

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ 
   ᠬᠢᠨᠠᠭᠴᠢ᠄ ᠣᠳᠬᠠᠨᠰᠸ᠎ᠠ