ᠮᠠᠷᠲᠠᠭᠳᠠᠰᠢ ᠦᠭᠡᠢ ᠮᠣᠩᠭᠣᠯ ᠰᠣᠶᠣᠯ-ᠮᠠᠨᠳᠤᠬᠤ ᠪᠠᠭᠰᠢ ᠶᠢᠨ ᠤᠷᠠᠨ ᠪᠢᠴᠢᠯᠭᠡ
ᠮᠠᠷᠲᠠᠭᠳᠠᠰᠢ ᠦᠭᠡᠢ ᠮᠣᠩᠭᠣᠯ ᠰᠣᠶᠣᠯ
ᠮᠥᠩᠬᠡ ᠲᠩᠷᠢ ᠶ᠋ᠢᠨ ᠳᠣᠯᠣᠭᠠᠨ ᠪᠤᠷᠬᠠᠨ ᠢ᠋ᠶ᠋ᠠᠷ
ᠮᠣᠩᠭᠣᠯ ᠳᠣᠯᠣᠭᠠᠨ ᠡᠭᠡᠰᠢᠭ ᠢ᠋ᠶ᠋ᠡᠨ ᠡᠭᠦᠳᠦᠭᠰᠡᠨ
ᠬᠣᠷᠢᠨ ᠳᠥᠷᠪᠡᠨ ᠪᠠᠢᠭᠠᠯᠢ ᠶ᠋ᠢᠨ ᠦᠵᠡᠭᠳᠡᠯ ᠢ᠋ᠶ᠋ᠡᠷ
ᠬᠣᠷᠢᠨ ᠳᠥᠷᠪᠡᠨ ᠭᠡᠢᠭᠦᠯᠦᠭᠴᠢ ᠪᠡᠨ ᠪᠦᠲᠦᠭᠡᠭᠰᠡᠨ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠦᠭᠡ ᠪᠡᠨ ᠶᠠᠷᠢᠵᠤ ᠶᠠᠪᠤᠶ᠎ᠠ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠦᠰᠦᠭ ᠢ᠋ᠶ᠋ᠡᠨ ᠰᠤᠷᠴᠤ ᠶᠠᠪᠤᠶ᠎ᠠ᠃
ᠵᠢᠩᠭᠠᠷ ᠭᠡᠰᠡᠷ ᠦ᠋ᠨ ᠲᠤᠤᠯᠢᠰ ᠢ᠋ ᠤᠯᠠᠮᠵᠢᠯᠠᠨ
ᠽᠠᠮᠪᠤᠲᠢᠪ ᠳᠡᠭᠡᠷ᠎ᠡ ᠮᠣᠩᠭᠣᠯ ᠢ᠋ᠶ᠋ᠠᠨ ᠭᠠᠢᠬᠠᠭᠤᠯᠤᠭᠰᠠᠨ
ᠭᠤᠷᠪᠠᠨ ᠴᠢᠯᠠᠭᠤ ᠪᠠᠷ ᠲᠤᠯᠭ᠎ᠠ ᠪᠠᠨ ᠪᠤᠰᠬᠠᠭᠠᠳ
ᠭᠤᠷᠪᠠᠨ ᠲᠤᠯᠭᠤᠷ ᠪᠢᠴᠢᠭ ᠢ᠋ᠶ᠋ᠡᠨ ᠵᠣᠬᠢᠶᠠᠭᠰᠠᠨ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠰᠣᠶᠣᠯ ᠢ᠋ᠶ᠋ᠠᠨ ᠪᠠᠳᠠᠷᠠᠭᠤᠯᠵᠤ ᠶᠠᠪᠤᠶ᠎ᠠ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠲᠡᠦᠬᠡ ᠪᠡᠨ ᠳᠠᠭᠤᠯᠠᠵᠤ ᠶᠠᠪᠤᠶ᠎ᠠ᠃
ᠲᠠᠪᠤᠨ ᠬᠣᠰᠢᠭᠤ ᠮᠠᠯ ᠢ᠋ᠶ᠋ᠠᠨ ᠥᠰᠬᠡᠭᠡᠳ
ᠳᠠᠷᠬᠠᠨ ᠮᠣᠩᠭᠣᠯ ᠵᠠᠩᠰᠢᠯ ᠢ᠋ᠶ᠋ᠠᠨ ᠬᠠᠳᠠᠭᠠᠯᠠᠭᠰᠠᠨ
ᠡᠵᠡᠨ ᠴᠢᠩᠭᠢᠰ ᠦ᠋ᠨ ᠬᠥᠷᠥᠭ ᠢ᠋ ᠲᠠᠬᠢᠵᠠᠭᠠᠭᠠᠳ
ᠡᠪᠦᠭᠡ ᠳᠡᠭᠡᠳᠦᠰ ᠦ᠋ᠨ ᠭᠣᠯᠣᠮᠲᠠ ᠶ᠋ᠢ ᠵᠠᠯᠭᠠᠮᠵᠢᠯᠠᠭᠰᠠᠨ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠣᠷᠣᠨ ᠢ᠋ᠶ᠋ᠠᠨ ᠥᠮᠴᠢᠯᠡᠵᠦ ᠶᠠᠪᠤᠶ᠎ᠠ
ᠬᠡᠵᠢᠶᠡᠳᠡ ᠪᠡᠨ ᠮᠣᠩᠭᠣᠯ ᠢ᠋ᠶ᠋ᠠᠷ ᠢ᠋ᠶ᠋ᠠᠨ ᠪᠠᠢᠶ᠎ᠠ ᠭᠡᠳ
ᠮᠣᠩᠭᠣᠯ ᠰᠡᠳᠬᠢᠯ ᠢ᠋ᠶ᠋ᠡᠨ ᠣᠯᠭᠣᠵᠤ ᠶᠠᠪᠤᠶ᠎ᠠ
ᠮᠣᠩᠭᠣᠯ ᠰᠡᠳᠬᠢᠯ ᠢ᠋ᠶ᠋ᠡᠨ ᠣᠯᠭᠣᠵᠤ ᠶᠠᠪᠤᠶ᠎ᠠ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
