ᠬᠠᠨᠢ ᠶᠢᠨ ᠰᠠᠢᠬᠠᠨ ᠬᠠᠢᠷ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠢ ᠶᠢᠨ ᠰᠠᠢᠬᠠᠨ ᠬᠠᠢᠷ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠬᠠᠨᠢ ᠶᠢᠨ ᠰᠠᠢᠬᠠᠨ ᠬᠠᠢᠷ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-09-06

1007

ᠬᠠᠨᠢ ᠶᠢᠨ ᠰᠠᠢᠬᠠᠨ ᠬᠠᠢᠷ᠎ᠠ


               ᠦᠭᠡ᠄ ᠨᠠᠰᠤᠨ       
               ᠠᠶ᠎ᠠ᠄ ᠭᠡᠷᠡᠯᠲᠦ       
               ᠳᠠᠭᠤᠴᠢᠨ᠄ ᠡᠷᠳᠡᠨᠢᠴᠢᠮᠡᠭ  

 ᠠᠷᠢᠭᠤᠬᠠᠨ ᠬᠠᠢᠷ᠎ᠠ ᠶ᠋ᠢᠨ ᠦᠦᠷ ᠨᠢ ᠬᠦ  
 ᠠᠵᠠ ᠶ᠋ᠢᠨ ᠡᠷᠦᠬᠡ ᠶ᠋ᠢ ᠲᠠᠲᠠᠪᠠ ᠤᠤ ᠳᠠ  
 ᠠᠯᠠᠭ ᠬᠣᠷᠸ᠎ᠠ ᠶ᠋ᠢᠨ ᠵᠠᠶᠠᠭ᠎ᠠ ᠨᠢ ᠬᠦ   
 ᠠᠮᠢᠳᠤᠷᠠᠯ ᠤ᠋ᠨ ᠲᠣᠭᠣᠨᠣ ᠶ᠋ᠢ ᠲᠤᠯᠪᠠ ᠤᠤ ᠳᠠ  
     ᠬᠠᠨᠢ ᠶ᠋ᠢᠨ ᠰᠠᠢᠬᠠᠨ ᠬᠠᠢᠷ᠎ᠠ ᠪᠠᠢᠨ᠎ᠠ  
     ᠬᠠᠨᠢᠰᠠᠨ ᠬᠠᠨᠢᠰᠠᠨ ᠰᠠᠭᠠᠲᠠᠭᠠᠷᠠᠢ  
     ᠬᠠᠨ ᠬᠣᠷᠸ᠎ᠠ ᠶ᠋ᠢᠨ ᠵᠠᠶᠠᠭ᠎ᠠ ᠪᠠᠢᠨ᠎ᠠ  
     ᠬᠠᠢᠷᠠᠯᠠᠨ ᠬᠠᠢᠷᠠᠯᠠᠨ ᠲᠦᠰᠢᠭᠡᠷᠡᠢ  
 
 ᠰᠠᠢᠬᠠᠨ ᠰᠡᠳᠬᠢᠯ ᠦ᠋ᠨ ᠨᠠᠷᠠ ᠨᠢ ᠬᠦ  
 ᠰᠠᠨᠠᠭᠠᠨ ᠤ᠋ ᠢᠷᠦᠭᠡᠯ ᠢ᠋ᠶ᠋ᠡᠷ ᠭᠡᠢᠪᠡ ᠤᠤ ᠳᠠ  
 ᠰᠠᠷᠠᠭᠤᠯ ᠬᠣᠷᠸ᠎ᠠ ᠶ᠋ᠢᠨ ᠤᠴᠠᠷᠠᠯ ᠨᠢ ᠬᠦ  
 ᠰᠠᠨᠠᠭᠠᠨ ᠤ᠋ ᠬᠣᠢᠮᠣᠷ ᠲᠤ ᠲᠥᠪᠬᠢᠨᠡᠪᠡ ᠤᠤ ᠳᠠ  
     ᠡᠩᠬᠦᠷᠡᠢᠬᠡᠨ ᠬᠥᠮᠦᠨ ᠦ᠌ ᠰᠡᠳᠬᠢᠯ ᠪᠠᠢᠨ᠎ᠠ  
     ᠡᠷᠬᠢᠯᠡᠨ ᠡᠷᠬᠢᠯᠡᠨ ᠳᠠᠰᠤᠭᠠᠷᠠᠢ  
     ᠡᠨᠡᠬᠡᠨ ᠬᠣᠷᠸ᠎ᠠ ᠶ᠋ᠢᠨ ᠤᠴᠠᠷᠠᠯ ᠪᠠᠢᠨ᠎ᠠ 
     ᠡᠷᠬᠢᠮᠯᠡᠨ ᠡᠷᠬᠢᠮᠯᠡᠨ ᠰᠢᠲᠦᠭᠡᠷᠡᠢ ᠳᠡ  
 
 ᠬᠣᠩᠭᠣᠷᠬᠠᠨ ᠬᠦᠰᠡᠯ ᠦ᠋ᠨ ᠰᠠᠷᠠ ᠨᠢ ᠬᠦ  
 ᠬᠣᠪᠣᠷᠬᠠᠨ ᠪᠤᠶᠠᠨ ᠢ᠋ᠶ᠋ᠠᠷ ᠲᠤᠨᠤᠷᠠᠪᠠ ᠤᠤ ᠳᠠ  
 ᠬᠣᠷᠸ᠎ᠠ ᠳᠡᠯᠡᠬᠡᠢ ᠶ᠋ᠢᠨ ᠠᠮᠤᠭᠤᠯᠠᠩ ᠨᠢ ᠬᠦ  
 ᠬᠣᠣᠰᠯᠠᠬᠤ ᠶ᠋ᠢᠨ ᠲᠠᠪᠢᠯᠠᠩ ᠢ᠋ ᠢᠪᠡᠭᠡᠪᠡ ᠤᠤ ᠳᠠ  
     ᠤᠬᠠᠭᠠᠨ ᠤ᠋ ᠭᠡᠭᠡᠨ ᠬᠦᠰᠡᠯ ᠪᠠᠢᠨ᠎ᠠ  
     ᠤᠯᠠᠮ ᠰᠠᠢᠬᠠᠨ ᠪᠡᠶᠡᠯᠡᠭᠡᠷᠡᠢ  
     ᠠᠭᠤᠳᠠᠮ ᠬᠣᠷᠸ᠎ᠠ ᠠᠮᠤᠭᠤᠯᠠᠩ ᠪᠠᠢᠨ᠎ᠠ  
     ᠤᠷᠲᠤ ᠨᠠᠰᠤᠯᠠᠨ ᠵᠢᠷᠭᠠᠭᠠᠷᠠᠢ ᠳᠠ  

      ᠦᠰᠦᠭ ᠠᠮᠢᠯᠠᠭᠤᠯᠤᠭᠴᠢ᠄ ᠭᠡᠷᠡᠯ