ᠮᠣᠩᠭᠣᠯ ᠪᠢᠴᠢᠭ ᠮᠢᠨᠢ-ᠳ ∙ ᠲᠡᠮᠦᠷᠰᠣᠭ᠂ ᠳ ∙ ᠣᠳᠬᠣᠨᠪᠠᠶᠠᠷ᠂ ᠡ᠊ ∙ ᠳᠠᠰᠢᠨᠢᠮ᠎ᠠМонгол бичиг минь-Д.Төмөрцог, Д.Отгонбаяр, Э.Дашням Mongol bichig mini
ᠮᠣᠩᠭᠣᠯ ᠪᠢᠴᠢᠭ ᠮᠢᠨᠢ
ᠮᠣᠩᠭᠣᠯ ᠪᠢᠴᠢᠭ ᠮᠢᠨᠢ
ᠳᠠᠭᠤᠴᠢᠨ᠄ ᠳ· ᠲᠡᠮᠦᠷᠴᠣᠭ᠂ ᠳ· ᠣᠳᠬᠣᠨᠪᠠᠶᠠᠷ᠂ ᠠ᠋· ᠳᠠᠰᠢᠨᠢᠮ᠎ᠠ
ᠠᠶ᠎ᠠ᠄ ᠳ· ᠣᠳᠬᠣᠨᠪᠠᠶᠠᠷ
ᠦᠭᠡ᠄ ᠵ· ᠮᠥᠩᠬᠡᠪᠠᠲᠤ᠂ ᠭ· ᠽᠠᠨᠳᠠᠨᠰᠢᠲᠠᠷᠡ
ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠨᠠᠷᠠᠨ ᠤ᠋ ᠰᠠᠴᠤᠷᠠᠭ ᠲᠠᠢ ᠰᠦᠯᠵᠢᠵᠦ ᠪᠢᠴᠢᠭᠰᠡᠨ
ᠨᠠᠮᠢᠷᠠᠭ᠎ᠠ ᠪᠣᠷᠣᠭ᠎ᠠ ᠲᠠᠢ ᠰᠦᠯᠡᠵᠦ ᠪᠢᠷᠯᠡᠭᠰᠡᠨ
ᠡᠪᠦᠭᠡᠳ ᠦ᠋ᠨ ᠵᠠᠷᠯᠢᠭ ᠢ᠋ ᠰᠤᠷᠭᠠᠭᠰᠠᠨ ᠭᠡᠭᠡᠷᠡᠯ
ᠦᠷ᠎ᠡ ᠬᠣᠢᠴᠢᠰ ᠲᠤ᠌ ᠪᠠᠨ ᠦᠯᠡᠳᠡᠭᠡᠬᠦ ᠮᠥᠩᠬᠡ ᠶ᠋ᠢᠨ ᠪᠣᠰᠤᠭ᠎ᠠ ᠪᠢᠴᠢᠭ
ᠬᠥᠮᠦᠨ ᠴᠢᠯᠠᠭᠤᠳ ᠲᠠᠢ ᠪᠠᠨ ᠪᠤᠰᠬᠠᠵᠤ ᠰᠡᠢᠯᠦᠭᠰᠡᠨ
ᠬᠥᠬᠡ ᠲᠤᠭ ᠰᠦᠯᠳᠡ ᠶ᠋ᠢ ᠪᠡᠨ ᠪᠣᠰᠤᠭ᠎ᠠ ᠰᠡᠢᠷᠡᠭᠦᠯᠦᠭᠰᠡᠨ
ᠮᠡᠷᠭᠡᠳ ᠦ᠋ᠨ ᠰᠤᠷᠭᠠᠯ ᠢ᠋ ᠴᠡᠴᠡᠯᠡᠭᠰᠡᠨ ᠱᠠᠰᠲᠢᠷ
ᠮᠡᠬᠦᠢᠨ ᠬᠦᠨᠳᠦᠯᠡᠨ ᠳᠡᠭᠡᠳᠦᠯᠡᠬᠦ
ᠮᠥᠩᠬᠡ ᠶ᠋ᠢᠨ ᠪᠣᠰᠤᠭ᠎ᠠ ᠪᠢᠴᠢᠭ
ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠢ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠳᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠢ
ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠢ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠳᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠢ
ᠮᠣᠷᠢᠨ ᠤ᠋ ᠳᠡᠯ ᠳᠡᠭᠡᠷ᠎ᠡ ᠲᠠᠲᠠᠯᠠᠭᠰᠠᠨ ᠪᠣᠰᠤᠭ᠎ᠠ ᠵᠠᠷᠯᠢᠭ
ᠮᠣᠩᠭᠣᠯ ᠤ᠋ᠨ ᠨᠢᠭᠤᠴᠠ ᠲᠣᠪᠴᠢᠶ᠎ᠠ ᠶ᠋ᠢ ᠰᠤᠳᠤᠷᠯᠠᠵᠤ ᠪᠢᠴᠢᠭᠰᠡᠨ
ᠲᠩᠷᠢ ᠶ᠋ᠢᠨ ᠵᠠᠷᠯᠢᠭ ᠢ᠋ ᠪᠠᠭᠤᠯᠭᠠᠵᠤ ᠳᠠᠷᠤᠭᠰᠠᠨ ᠲᠠᠮᠠᠭ᠎ᠠ
ᠲᠢᠪ ᠳᠡᠯᠡᠬᠡᠢ ᠳ᠋ᠦ᠍ ᠴᠤᠤᠲᠠᠢ ᠮᠥᠩᠬᠡ ᠶ᠋ᠢᠨ ᠪᠣᠰᠤᠭ᠎ᠠ ᠪᠢᠴᠢᠭ
ᠬᠠᠨ ᠲᠩᠷᠢ ᠶ᠋ᠢᠨ ᠣᠷᠣᠨ ᠠ᠋ᠴᠠ ᠭᠠᠵᠠᠷ ᠲᠤ᠌ ᠥᠭᠭᠦᠭᠰᠡᠨ ᠵᠠᠯᠠᠯᠭ᠎ᠠ
ᠬᠠᠲᠤᠨ ᠳᠡᠯᠡᠬᠡᠢ ᠶ᠋ᠢᠨ ᠠᠭᠤᠯᠠᠰ ᠢ᠋ ᠬᠣᠯᠪᠣᠵᠤ ᠵᠢᠷᠤᠭᠰᠠᠨ ᠵᠢᠷᠤᠯᠭ᠎ᠠ
ᠮᠥᠷᠡᠨ ᠭᠣᠣᠯ ᠤ᠋ᠨ ᠭᠤᠯᠳᠤᠷᠢᠯ ᠳ᠋ᠤ᠌ ᠬᠠᠲᠠᠵᠤ ᠲᠤᠩᠭᠠᠭᠰᠠᠨ ᠴᠠᠴᠤᠯᠭ᠎ᠠ
ᠮᠣᠩᠭᠣᠯ ᠲᠦᠮᠡᠨ ᠦ᠌ ᠥᠪ ᠰᠣᠶᠣᠯ ᠮᠥᠩᠬᠡ ᠶ᠋ᠢᠨ ᠪᠣᠰᠤᠭ᠎ᠠ ᠪᠢᠴᠢᠭ
ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠢ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠳᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠢ
ᠮᠥᠩᠬᠡᠳᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠢ
ᠬᠤᠭᠤᠷ ᠤ᠋ᠨ ᠠᠶᠠᠯᠭᠤᠨ ᠳ᠋ᠤ᠌ ᠬᠠᠢᠯᠠᠬᠤ ᠳᠣᠮᠣᠭ ᠲᠤᠤᠯᠢ ᠶᠤᠮ
ᠬᠤᠳᠤᠮ ᠮᠣᠩᠭᠣᠯ ᠠᠮᠢᠨ ᠪᠢᠴᠢᠭ ᠮᠢᠨᠢ
ᠮᠥᠩᠬᠡᠷᠡᠬᠦ ᠶ᠋ᠢᠨ ᠲᠠᠪᠢᠯᠠᠩ ᠲᠠᠢ ᠬᠡᠯᠡ ᠥᠪ ᠰᠣᠶᠣᠯ ᠲᠠᠢ ᠪᠠᠨ
ᠮᠥᠩᠬᠡᠳᠡ ᠣᠷᠣᠰᠢᠬᠤ ᠪᠢᠳᠡᠨ ᠦ᠌ ᠮᠣᠩᠭᠣᠯ ᠪᠢᠴᠢᠭ ᠮᠢᠨᠢ
ᠮᠣᠩᠭᠣᠯ ᠦᠰᠦᠭ ᠠᠮᠢᠯᠠᠭᠤᠯᠤᠨ ᠬᠠᠲᠠᠭᠴᠢ᠄ ᠵᠡᠷᠮᠦᠳ ᠸ· ᠥᠯᠵᠡᠢ
