ᠬᠥᠮᠦᠨ ᠦ᠌ ᠰᠠᠢᠬᠠᠨ ᠰᠡᠳᠬᠢᠯ-ᠮᠠᠨᠳᠤᠬᠤ ᠪᠠᠭᠰᠢ ᠶᠢᠨ ᠤᠷᠠᠨ ᠪᠢᠴᠢᠯᠭᠡ
ᠬᠥᠮᠦᠨ ᠦ᠌ ᠰᠠᠢᠬᠠᠨ ᠰᠡᠳᠬᠢᠯ
ᠬᠥᠮᠦᠨ ᠦ᠌ ᠰᠠᠢᠬᠠᠨ ᠰᠡᠳᠬᠢᠯ ᠢ᠋
ᠬᠠᠢᠷᠠᠯᠠᠵᠤ ᠶᠠᠪᠤᠭᠠᠷᠠᠢ ᠭᠡᠵᠦ
ᠬᠦᠵᠢ ᠳᠡᠯᠡᠬᠡᠢ ᠶ᠋ᠢ ᠪᠢ
ᠬᠦᠰᠡᠯ ᠢ᠋ᠶ᠋ᠡᠨ ᠰᠢᠩᠭᠡᠭᠡᠵᠦ ᠳᠠᠭᠤᠯᠠᠮᠠᠷ ᠪᠠᠢᠨ᠎ᠠ
ᠶᠠᠮᠠᠷ ᠰᠠᠢᠬᠠᠨ ᠬᠥᠮᠦᠰ ᠢ᠋
ᠪᠤᠷᠬᠠᠨ ᠨᠠᠳᠠᠳᠤ ᠢᠯᠡᠭᠡᠭᠰᠡᠨ ᠢ᠋
ᠢᠯᠭᠤᠨ ᠰᠠᠷᠠᠨ ᠤ᠋ ᠳᠣᠣᠷ᠎ᠠ
ᠦᠭᠡ ᠪᠡᠷ ᠬᠡᠯᠡᠬᠦ ᠶ᠋ᠢᠨ ᠠᠷᠭ᠎ᠠ ᠦᠭᠡᠢ
ᠠᠨᠳᠠ ᠶ᠋ᠢᠨ ᠰᠠᠢᠬᠠᠨ ᠰᠡᠳᠬᠢᠯ ᠢ᠋
ᠬᠠᠢᠷᠠᠯᠠᠵᠤ ᠶᠠᠪᠤᠭᠠᠷᠠᠢ ᠭᠡᠵᠦ
ᠠᠯᠲᠠᠨ ᠳᠡᠯᠡᠬᠡᠢ ᠳ᠋ᠦ᠍ ᠪᠢ
ᠠᠶᠠᠯᠭᠤ ᠳᠠᠭᠤᠤ ᠪᠠᠨ ᠳᠠᠭᠤᠯᠠᠮᠠᠷ ᠪᠠᠢᠨ᠎ᠠ
ᠶᠠᠮᠠᠷ ᠰᠠᠢᠬᠠᠨ ᠬᠥᠮᠦᠰ ᠢ᠋
ᠪᠤᠷᠬᠠᠨ ᠨᠠᠳᠠᠳᠤ ᠢᠯᠡᠭᠡᠭᠰᠡᠨ ᠢ᠋
ᠢᠯᠭᠤᠨ ᠰᠠᠷᠠᠨ ᠤ᠋ ᠳᠣᠣᠷ᠎ᠠ
ᠦᠭᠡ ᠪᠡᠷ ᠬᠡᠯᠡᠬᠦ ᠶ᠋ᠢᠨ ᠠᠷᠭ᠎ᠠ ᠦᠭᠡᠢ
ᠨᠠᠢᠵᠠ ᠶ᠋ᠢᠨ ᠰᠠᠢᠬᠠᠨ ᠰᠡᠳᠬᠢᠯ ᠢ᠋
ᠬᠠᠢᠷᠠᠯᠠᠵᠤ ᠶᠠᠪᠤᠭᠠᠷᠠᠢ ᠭᠡᠵᠦ
ᠨᠡᠷᠡᠲᠦ ᠬᠣᠷᠸ᠎ᠠ ᠳ᠋ᠤ᠌ ᠪᠢ
ᠨᠠᠨᠳᠢᠨ ᠪᠦᠬᠦᠨ ᠢ᠋ᠶ᠋ᠡᠨ ᠳᠠᠭᠤᠯᠠᠮᠠᠷ ᠪᠠᠢᠨ᠎ᠠ
ᠶᠠᠮᠠᠷ ᠰᠠᠢᠬᠠᠨ ᠬᠥᠮᠦᠰ ᠢ᠋
ᠪᠤᠷᠬᠠᠨ ᠨᠠᠳᠠᠳᠤ ᠢᠯᠡᠭᠡᠭᠰᠡᠨ ᠢ᠋
ᠢᠯᠭᠤᠨ ᠰᠠᠷᠠᠨ ᠤ᠋ ᠳᠣᠣᠷ᠎ᠠ
ᠦᠭᠡ ᠪᠡᠷ ᠬᠡᠯᠡᠬᠦ ᠶ᠋ᠢᠨ ᠠᠷᠭ᠎ᠠ ᠦᠭᠡᠢ
ᠦᠰᠦᠭ ᠠᠮᠢᠯᠠᠭᠤᠯᠤᠭᠴᠢ᠄ ᠭᠡᠷᠡᠯ
