ᠡᠯᠢᠭᠡ ᠪᠦᠲᠦᠨ ᠵᠠᠶᠠᠭ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠢᠭᠡ ᠪᠦᠲᠦᠨ ᠵᠠᠶᠠᠭ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠡᠯᠢᠭᠡ ᠪᠦᠲᠦᠨ ᠵᠠᠶᠠᠭ᠎ᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-09-04

750

ᠪᠦᠲᠦᠨ ᠵᠠᠶᠠᠭ᠎ᠠ

ᠬᠦᠨᠡᠢᠷᠬᠡᠵᠦ ᠶᠡᠷᠦᠳᠡᠭᠡᠨ ᠴᠢᠳᠠᠭ᠎ᠠ ᠦᠭᠡᠢ 
ᠬᠥᠬᠥ ᠶ᠋ᠢᠨ ᠰᠦ ᠪᠡᠨ ᠰᠢᠮᠡᠭᠦᠯᠦᠭᠰᠡᠨ 
ᠬᠥᠭᠰᠢᠨ ᠪᠤᠭᠤᠷᠤᠯ ᠡᠵᠢ ᠲᠡᠢ ᠪᠣᠯᠤᠭᠰᠠᠨ ᠳ᠋ᠠᠭᠠᠨ 
ᠰᠡᠳᠬᠢᠯ ᠪᠠᠶᠠᠨ ᠶᠠᠪᠤᠭᠰᠠᠨ ᠶᠤᠮ ᠠ᠋ 
   ᠡᠵᠢ ᠶ᠋ᠢᠨ ᠪᠦᠦᠪᠡᠢ ᠲᠡᠢ ᠵᠠᠶᠠᠭ᠎ᠠ  
   ᠡᠷᠭᠢᠭᠡᠳ ᠣᠯᠳᠠᠰᠢ ᠦᠭᠡᠢ ᠵᠠᠶᠠᠭ᠎ᠠ ᠬᠦ 

ᠠᠯᠢᠶᠠᠬᠠᠨ ᠪᠠᠭ᠎ᠠ ᠨᠠᠰᠤᠨ ᠠ᠋ᠴᠠ ᠮᠢᠨᠢ
ᠠᠭᠲᠠ ᠶ᠋ᠢᠨ ᠨᠢᠷᠤᠭᠤᠨ ᠳ᠋ᠤ᠌ ᠮᠣᠷᠳᠠᠭᠤᠯᠤᠭᠰᠠᠨ
ᠠᠴᠢᠯᠠᠯᠲᠤ ᠶᠡᠬᠡ ᠠᠪᠤ ᠲᠠᠢ ᠪᠣᠯᠤᠭᠰᠠᠨ ᠳ᠋ᠠᠭᠠᠨ
ᠤᠬᠠᠭᠠᠨ ᠪᠠᠶᠠᠨ ᠶᠠᠪᠤᠭᠰᠠᠨ ᠶᠤᠮ ᠠ᠋
   ᠠᠮᠢᠳᠤ ᠶᠠᠪᠤᠬᠤ ᠨᠠᠰᠤᠨ ᠳ᠋ᠤ᠌ ᠮᠢᠨᠢ
   ᠣᠬᠢᠭᠠᠳ ᠣᠯᠳᠠᠰᠢ ᠦᠭᠡᠢ ᠵᠠᠶᠠᠭ᠎ᠠ ᠬᠦ

ᠪᠤᠶᠠᠨ ᠬᠡᠰᠢᠭ ᠢ᠋ᠶ᠋ᠡᠨ ᠡᠳ᠋ᠯᠡᠭᠦᠯᠦᠭᠰᠡᠨ
ᠪᠤᠶᠠᠨᠲᠤ ᠠᠮᠢᠳᠤᠷᠠᠯ ᠢ᠋ᠶ᠋ᠠᠷ ᠴᠡᠩᠭᠡᠭᠦᠯᠦᠭᠰᠡᠨ
ᠪᠣᠮᠪᠣ ᠶ᠋ᠢᠨ ᠣᠷᠣᠨ ᠰᠢᠭ᠋ ᠨᠤᠲᠤᠭ ᠲᠠᠢ ᠪᠣᠯᠤᠭᠰᠠᠨ ᠳ᠋ᠠᠭᠠᠨ
ᠠᠮᠢᠳᠤᠷᠠᠯ ᠪᠠᠶᠠᠨ ᠶᠠᠪᠤᠭᠰᠠᠨ ᠶᠤᠮ ᠠ᠋
   ᠬᠣᠩᠭᠣᠷᠬᠠᠨ ᠨᠠᠰᠤᠨ ᠳ᠋ᠤ᠌ ᠮᠢᠨᠢ
   ᠬᠣᠪᠣᠷᠬᠠᠨ ᠲᠣᠬᠢᠶᠠᠯᠳᠤᠬᠤ ᠵᠠᠶᠠᠭ᠎ᠠ ᠬᠦ

ᠬᠥᠮᠦᠨ ᠬᠥᠮᠦᠨ ᠳ᠋ᠡᠭᠡᠨ ᠬᠠᠢᠷᠠᠲᠠᠢ ᠬᠣᠷᠸ᠎ᠠ ᠳ᠋ᠤ᠌
ᠡᠪ ᠦ᠋ᠨ ᠲᠣᠭᠣᠨᠣ ᠶ᠋ᠢ ᠡᠷᠭᠦᠭᠦᠯᠦᠭᠰᠡᠨ
ᠡᠬᠡ ᠣᠷᠣᠨ ᠲᠠᠢ ᠪᠣᠯᠤᠭᠰᠠᠨ ᠳ᠋ᠠᠭᠠᠨ
ᠡᠯᠢᠭᠡ ᠪᠦᠲᠦᠨ ᠶᠠᠪᠤᠭᠰᠠᠨ ᠶᠤᠮ ᠠ᠋
   ᠡᠷᠳᠡᠨᠢ ᠶ᠋ᠢᠨ ᠮᠣᠩᠭᠣᠯ ᠨᠤᠲᠤᠭ ᠮᠢᠨᠢ
   ᠡᠩᠬᠡ ᠶ᠋ᠢᠨ ᠪᠦᠦᠪᠡᠢ ᠲᠡᠢ ᠬᠣᠷᠸ᠎ᠠ ᠬᠦ
   ᠡᠵᠢ ᠶ᠋ᠢᠨ ᠪᠦᠦᠪᠡᠢ ᠲᠡᠢ ᠵᠠᠶᠠᠭ᠎ᠠ ᠬᠦ

ᠦᠰᠦᠭ ᠠᠮᠢᠯᠠᠭᠤᠯᠤᠭᠴᠢ᠄ ᠭᠡᠷᠡᠯ