ᠣᠷᠳᠣᠰ ᠳᠣᠯᠣᠭᠠᠨ ᠬᠣᠰᠢᠭᠤ-ᠮᠠᠨᠳᠤᠬᠤ ᠪᠠᠭᠰᠢ ᠶᠢᠨ ᠤᠷᠠᠨ ᠪᠢᠴᠢᠯᠭᠡ
ᠣᠷᠳᠣᠰ ᠳᠣᠯᠣᠭᠠᠨ ᠬᠣᠰᠢᠭᠤ
ᠦᠦᠰᠢᠨ ᠪᠠᠯᠠᠷ ᠣᠲᠣᠭ ᠤ᠋ᠨ ᠰᠢᠯᠢ
ᠤᠤᠭᠠᠨ ᠪᠠᠢᠭᠠᠯᠢ ᠶ᠋ᠢᠨ ᠪᠡᠯᠴᠢᠭᠡᠷ ᠰᠢᠦ
ᠡᠵᠡᠨ ᠬᠣᠷᠣᠭ᠎ᠠ ᠵᠠᠰᠠᠭ ᠤ᠋ᠨ ᠬᠣᠲᠣᠭᠣᠷ
ᠡᠪᠦᠭᠡᠳ ᠳᠡᠭᠡᠳᠦ ᠶ᠋ᠢᠨ ᠮᠢᠨᠢ ᠭᠣᠯᠣᠮᠲᠠ
ᠬᠠᠩᠭᠢᠨ ᠳᠠᠯᠠᠳ ᠵᠡᠭᠦᠨᠭᠠᠷ ᠵᠢᠶᠦ᠋ᠨ ᠸᠠᠩ
ᠬᠠᠲᠤᠨ ᠰᠤᠨᠳᠠᠯᠠᠭᠰᠠᠨ ᠬᠣᠰᠢᠭᠤ ᠰᠢᠦ
ᠬᠠᠨᠠᠭᠠᠷ ᠶᠡᠬᠡ ᠪᠣᠷᠣ ᠲᠣᠬᠣᠢ
ᠬᠥᠬᠡ ᠮᠣᠩᠭᠣᠯ ᠤ᠋ᠨ ᠥᠯᠥᠭᠡᠢ ᠰᠢᠦ
ᠡᠪᠦᠭᠡ ᠳᠡᠭᠡᠳᠦᠰ ᠦ᠋ᠨ ᠥᠯᠥᠭᠡᠢ ᠪᠣᠯᠤᠭᠰᠠᠨ
ᠣᠷᠳᠣᠰ ᠳᠣᠯᠣᠭᠠᠨ ᠬᠣᠰᠢᠭᠤ ᠮᠢᠨᠢ
ᠠᠯᠲᠠᠨ ᠣᠪᠣᠭ᠎ᠠ ᠪᠤᠯᠠᠭ ᠤ᠋ᠨ ᠰᠢᠯᠢ
ᠠᠪᠠᠢ ᠮᠥᠮᠥ ᠶ᠋ᠢᠨ ᠨᠤᠲᠤᠭ ᠰᠢᠦ
ᠠᠭᠢᠲᠤ ᠲᠣᠯᠣᠭᠠᠢ ᠮᠠᠩᠬᠠᠨ ᠪᠠᠯᠠᠷ
ᠠᠳᠤᠭᠤ ᠮᠠᠯ ᠤ᠋ᠨ ᠪᠡᠯᠴᠢᠭᠡᠷ ᠰᠢᠦ
ᠡᠪᠦᠭᠡ ᠳᠡᠭᠡᠳᠦᠰ ᠦ᠋ᠨ ᠥᠯᠥᠭᠡᠢ ᠪᠣᠯᠤᠭᠰᠠᠨ
ᠣᠷᠳᠣᠰ ᠳᠣᠯᠣᠭᠠᠨ ᠬᠣᠰᠢᠭᠤ ᠮᠢᠨᠢ
ᠦᠰᠦᠭ ᠠᠮᠢᠯᠠᠭᠤᠯᠤᠭᠴᠢ᠄ ᠭᠡᠷᠡᠯ
