ᠢᠨᠢᠶᠡᠳᠦ ᠪᠡᠯᠡᠭᠯᠡᠶ᠎ᠡ-ᠮᠠᠨᠳᠤᠬᠤ ᠪᠠᠭᠰᠢ ᠶᠢᠨ ᠤᠷᠠᠨ ᠪᠢᠴᠢᠯᠭᠡ
ᠢᠨᠢᠶᠡᠳᠦ ᠪᠡᠯᠡᠭᠯᠡᠶ᠎ᠡ
ᠠᠯᠠᠭ ᠬᠠᠷᠠᠬᠠᠨ ᠨᠢᠳᠦ ᠪᠡᠷ ᠢ᠋ᠶ᠋ᠡᠨ
ᠠᠭᠠᠯᠢ ᠢᠯᠳᠠᠮ ᠵᠠᠩ ᠢ᠋ᠶ᠋ᠠᠷ ᠢ᠋ᠶ᠋ᠠᠨ
ᠠᠶᠠᠯᠠᠵᠤ ᠰᠠᠭᠤᠭ᠎ᠠ ᠳᠠᠭᠤᠤ ᠪᠠᠷ ᠢ᠋ᠶ᠋ᠠᠨ
ᠠᠮᠠᠷᠠᠭ ᠬᠠᠢᠷ᠎ᠠ ᠶ᠋ᠢᠨ ᠰᠡᠳᠬᠢᠯ ᠢ᠋ᠶ᠋ᠡᠷ ᠢ᠋ᠶ᠋ᠡᠨ
ᠳᠠᠭᠤᠯᠠᠮᠠᠷ ᠬᠠᠢᠷ᠎ᠠ ᠪᠡᠯᠭᠡᠯᠡᠶ᠎ᠡ
ᠳᠤᠷᠠᠯᠠᠮᠠᠷ ᠮᠥᠷᠥᠭᠡᠳᠦᠯ ᠪᠡᠯᠭᠡᠯᠡᠶ᠎ᠡ
ᠠᠵᠠ ᠵᠢᠷᠭᠠᠯ ᠳᠦᠭᠦᠷᠡᠩ ᠪᠡᠯᠭᠡᠯᠡᠶ᠎ᠡ
ᠠᠵᠠᠲᠠᠢ ᠢᠨᠢᠶᠡᠳᠦ ᠢᠨᠢᠶᠡᠳᠦ ᠪᠡᠯᠡᠭᠯᠡᠶ᠎ᠡ
ᠡᠬᠡᠰᠢᠭ ᠰᠠᠢᠬᠠᠨ ᠳᠠᠭᠤᠤ ᠪᠠᠷ ᠢ᠋ᠶ᠋ᠠᠨ
ᠡᠷ᠎ᠡ ᠶ᠋ᠢᠨ ᠰᠠᠢᠬᠠᠨ ᠨᠥᠮᠥᠷᠢ ᠪᠡᠷ ᠢ᠋ᠶ᠋ᠡᠨ
ᠡᠭᠡᠯ ᠪᠣᠷᠣᠬᠠᠨ ᠵᠢᠷᠦᠬᠡ ᠪᠡᠷ ᠢ᠋ᠶ᠋ᠡᠨ
ᠡᠨᠡ ᠯᠡ ᠪᠡᠶ᠎ᠡ ᠶ᠋ᠢᠨ ᠰᠠᠢᠬᠠᠨ ᠢ᠋ᠶ᠋ᠠᠷ ᠢ᠋ᠶ᠋ᠠᠨ
ᠳᠠᠭᠤᠯᠠᠮᠠᠷ ᠬᠠᠢᠷ᠎ᠠ ᠪᠡᠯᠭᠡᠯᠡᠶ᠎ᠡ
ᠳᠤᠷᠠᠯᠠᠮᠠᠷ ᠮᠥᠷᠥᠭᠡᠳᠦᠯ ᠪᠡᠯᠭᠡᠯᠡᠶ᠎ᠡ
ᠠᠵᠠ ᠵᠢᠷᠭᠠᠯ ᠳᠦᠭᠦᠷᠡᠩ ᠪᠡᠯᠭᠡᠯᠡᠶ᠎ᠡ
ᠠᠵᠠᠲᠠᠢ ᠢᠨᠢᠶᠡᠳᠦ ᠢᠨᠢᠶᠡᠳᠦ ᠪᠡᠯᠭᠡᠯᠡᠶ᠎ᠡ
ᠴᠠᠩ ᠲᠠᠢ ᠡᠪᠦᠯ ᠦ᠋ᠨ ᠥᠩᠭᠡ ᠪᠡᠷ ᠢ᠋ᠶ᠋ᠡᠨ
ᠴᠠᠰᠤᠨ ᠰᠢᠷᠬᠡᠭ ᠦ᠋ᠨ ᠲᠣᠭ᠎ᠠ ᠪᠠᠷ ᠢ᠋ᠶ᠋ᠠᠨ
ᠴᠢᠩ ᠰᠡᠳᠬᠢᠯ ᠦ᠋ᠨ ᠬᠠᠢᠷ᠎ᠠ ᠪᠠᠷ ᠢ᠋ᠶ᠋ᠠᠨ
ᠴᠡᠴᠡᠭ ᠦ᠋ᠨ ᠳᠡᠯᠪᠡᠭᠡ ᠲᠡᠢ ᠳᠤᠷᠠᠯᠠᠯ ᠢ᠋ᠶ᠋ᠠᠷ ᠢ᠋ᠶ᠋ᠠᠨ
ᠳᠠᠭᠤᠯᠠᠮᠠᠷ ᠬᠠᠢᠷ᠎ᠠ ᠪᠡᠯᠭᠡᠯᠡᠶ᠎ᠡ
ᠳᠤᠷᠠᠯᠠᠮᠠᠷ ᠮᠥᠷᠥᠭᠡᠳᠦᠯ ᠪᠡᠯᠭᠡᠯᠡᠶ᠎ᠡ
ᠠᠵᠠ ᠵᠢᠷᠭᠠᠯ ᠳᠦᠭᠦᠷᠡᠩ ᠪᠡᠯᠭᠡᠯᠡᠶ᠎ᠡ
ᠠᠵᠠᠲᠠᠢ ᠢᠨᠢᠶᠡᠳᠦ ᠢᠨᠢᠶᠡᠳᠦ ᠪᠡᠯᠭᠡᠯᠡᠶ᠎ᠡ
ᠦᠰᠦᠭ ᠠᠮᠢᠯᠠᠭᠤᠯᠤᠭᠴᠢ᠄ ᠭᠡᠷᠡᠯ
