ᠢᠨᠢᠶᠡᠯᠴᠡᠵᠦ ᠰᠠᠭᠤᠬᠤ ᠰᠠᠢᠬᠠᠨ-ᠮᠠᠨᠳᠤᠬᠤ ᠪᠠᠭᠰᠢ ᠶᠢᠨ ᠤᠷᠠᠨ ᠪᠢᠴᠢᠯᠭᠡ
ᠢᠨᠢᠶᠡᠯᠴᠡᠵᠦ ᠰᠠᠭᠤᠬᠤ ᠰᠠᠢᠬᠠᠨ
— ᠴᠣᠭᠵᠢᠯᠲᠤ
ᠤᠳᠠᠵᠤ ᠤᠳᠠᠭᠠᠳ ᠠᠭᠤᠯᠵᠠᠬᠤ ᠰᠠᠢᠬᠠᠨ
ᠤᠷᠢᠳᠤ ᠶ᠋ᠢᠨ ᠵᠣᠭᠣᠭ ᠢ᠋ᠶ᠋ᠠᠨ ᠳᠡᠯᠭᠡᠬᠦ ᠰᠠᠢᠬᠠᠨ
ᠤᠷᠮ᠎ᠠ ᠪᠠᠬᠠᠲᠠᠢ ᠵᠣᠭᠣᠭᠳᠠᠬᠤ ᠰᠠᠢᠬᠠᠨ
ᠠᠭᠤᠵᠢᠷᠠᠲᠠᠯ᠎ᠠ ᠪᠠᠨ ᠢᠨᠢᠶᠡᠯᠴᠡᠬᠦ ᠰᠠᠢᠬᠠᠨ
ᠰᠠᠯᠵᠤ ᠤᠳᠠᠭᠠᠳ ᠠᠭᠤᠯᠵᠠᠬᠤ ᠰᠠᠢᠬᠠᠨ
ᠰᠠᠨᠠᠭᠰᠠᠨ ᠬᠥᠮᠦᠨ ᠲᠡᠢ ᠪᠡᠨ ᠵᠣᠯᠭᠠᠬᠤ ᠰᠠᠢᠬᠠᠨ
ᠰᠠᠨᠠᠭ᠎ᠠ ᠪᠣᠳᠣᠯ ᠢ᠋ᠶ᠋ᠠᠨ ᠰᠣᠯᠢᠯᠴᠠᠬᠤ ᠰᠠᠢᠬᠠᠨ
ᠰᠠᠷᠬᠤᠳ ᠬᠡᠮᠨᠡᠨ ᠤᠤᠭᠤᠬᠤ ᠰᠠᠢᠬᠠᠨ
ᠰᠠᠢᠬᠠᠨ ᠰᠠᠢᠬᠠᠨ
ᠢᠨᠢᠶᠡᠯᠴᠡᠵᠦ ᠰᠠᠭᠤᠬᠤ ᠨᠢ ᠰᠠᠢᠬᠠᠨ
ᠥᠩᠭᠡᠷᠡᠭᠰᠡᠨ ᠦ᠌ ᠵᠣᠭᠣᠭ ᠢ᠋ᠶ᠋ᠠᠨ ᠳᠡᠯᠭᠡᠬᠦ ᠰᠠᠢᠬᠠᠨ
ᠣᠳᠣ ᠶ᠋ᠢᠨ ᠠᠮᠢᠳᠤᠷᠠᠯ ᠢ᠋ᠶ᠋ᠠᠨ ᠶᠠᠷᠢᠯᠴᠠᠬᠤ ᠰᠠᠢᠬᠠᠨ
ᠡᠯᠡᠭᠯᠡᠨ ᠱᠣᠭᠯᠠᠨ ᠬᠥᠭᠡᠷᠦᠯᠳᠦᠬᠦ ᠰᠠᠢᠬᠠᠨ
ᠡᠯᠢᠭᠡ ᠪᠡᠨ ᠬᠥᠰᠢᠲᠡᠯ᠎ᠡ ᠢᠨᠢᠶᠡᠯᠴᠡᠬᠦ ᠰᠠᠢᠬᠠᠨ
ᠬᠥᠳᠡᠭᠡ ᠨᠤᠲᠤᠭ ᠢ᠋ᠶ᠋ᠠᠨ ᠮᠥᠷᠥᠭᠡᠳᠬᠦ ᠰᠠᠢᠬᠠᠨ
ᠬᠡᠦᠬᠡᠳ ᠦᠶ᠎ᠡ ᠪᠡᠨ ᠳᠤᠷᠠᠰᠬᠤ ᠰᠠᠢᠬᠠᠨ
ᠬᠤᠭᠤᠷ ᠬᠥᠭᠵᠢᠮ ᠲᠡᠢ ᠨᠠᠢᠷᠯᠠᠬᠤ ᠰᠠᠢᠬᠠᠨ
ᠬᠣᠭᠣᠯᠠᠢ ᠨᠡᠢᠯᠡᠭᠦᠯᠦᠨ ᠳᠠᠭᠤᠯᠠᠬᠤ ᠰᠠᠢᠬᠠᠨ
ᠰᠠᠢᠬᠠᠨ ᠰᠠᠢᠬᠠᠨ
ᠢᠨᠢᠶᠡᠯᠴᠡᠵᠦ ᠰᠠᠭᠤᠬᠤ ᠨᠢ ᠰᠠᠢᠬᠠᠨ
ᠦᠰᠦᠭ ᠠᠮᠢᠯᠠᠭᠤᠯᠤᠭᠴᠢ᠄ ᠭᠡᠷᠡᠯ
