ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠣᠷᠣᠰᠢᠯ ᠤᠨ ᠣᠷᠣᠨ ᠳᠤ> Эр эмийн ёсон – Д᠂ Болдцэрэн <Оршлын оронд>
ᠣᠷᠣᠰᠢᠯ ᠤᠨ ᠣᠷᠣᠨ ᠳᠤ
《ᠬᠡᠦᠬᠡᠳ ᠪᠣᠯᠭᠠᠨ ᠪᠠᠭᠰᠢ ᠳᠠᠷᠤᠭ᠎ᠠ ᠪᠣᠯᠬᠤ ᠦᠭᠡᠢ᠂ ᠬᠠᠷᠢᠨ ᠬᠡᠦᠬᠡᠳ ᠪᠣᠯᠭᠠᠨ ᠡᠴᠢᠭᠡ ᠡᠬᠡ ᠪᠣᠯᠤᠨ᠎ᠠ ᠰᠢᠦ》 ᠭᠡᠰᠡᠨ ᠨᠡᠷᠡᠲᠦ ᠰᠤᠷᠭᠠᠨ ᠬᠥᠮᠦᠵᠢᠭᠦᠯᠦᠭᠴᠢ ᠶ᠋ᠢᠨ· ᠰᠣᠬᠣᠮᠯᠢᠨᠰᠺᠢ ᠶ᠋ᠢᠨ ᠵᠠᠬᠢᠶᠠᠰᠤ ᠥᠨᠥ ᠪᠢᠳᠡᠨ ᠳ᠋ᠦ᠍ ᠤᠯᠠᠮ ᠴᠦ᠍ ᠰᠢᠨ᠎ᠡ ᠥᠩᠭᠡ ᠰᠢᠨ᠎ᠡ ᠤᠳᠬ᠎ᠠ ᠪᠠᠷ ᠰᠣᠨᠣᠰᠤᠭᠳᠠᠵᠤ ᠪᠠᠢᠨ᠎ᠠ᠃ ᠮᠠᠭᠠᠳ ᠦᠭᠡᠢ ᠪᠢᠳᠡᠨ ᠦ᠌ ᠭᠣᠣᠯ ᠠᠯᠳᠠᠭ᠎ᠠ ᠡᠨᠳᠡᠯ ᠴᠦ᠍ ᠪᠠᠢᠵᠤ ᠪᠣᠯᠬᠤ᠃ ᠨᠡᠭᠡᠷᠡᠨ ᠯᠡ ᠪᠢᠳᠡ ᠬᠡᠦᠬᠡᠳ ᠦ᠋ᠳ ᠢ᠋ᠶ᠋ᠡᠨ ᠪᠠᠭᠰᠢ ᠪᠣᠯᠭᠠᠶ᠎ᠠ᠂ ᠳᠠᠷᠤᠭ᠎ᠠ ᠪᠣᠯᠭᠠᠶ᠎ᠠ ᠭᠡᠵᠦ ᠴᠢᠷᠮᠠᠢᠵᠤ ᠪᠠᠢᠭᠰᠠᠨ ᠠ᠋ᠴᠠ ᠪᠤᠰᠤ ᠰᠣᠶᠣᠯᠲᠤ ᠬᠥᠮᠦᠨ ᠪᠣᠯᠭᠠᠶ᠎ᠠ ᠭᠡᠮᠡᠨ ᠪᠣᠳᠣᠵᠤ ᠪᠠᠢᠭᠰᠠᠨ ᠨᠢ ᠬᠢᠷᠢ ᠣᠯᠠᠨ ᠪᠣᠯ! ᠭᠡᠰᠡᠨ ᠬᠡᠳᠦᠢ ᠴᠦ᠍ ᠬᠦᠰᠡᠯ ᠦ᠋ᠨ ᠡᠴᠦᠰ ᠲᠦ᠍᠂ ᠬᠦᠯᠢᠶᠡᠭᠰᠡᠨ ᠦ᠌ ᠡᠴᠦᠰ ᠲᠦ᠍ ᠡᠨᠡ ᠨᠣᠮ ᠣᠯᠠᠨ ᠤ᠋ ᠬᠦᠷᠲᠡᠭᠡᠯ ᠪᠣᠯᠤᠯ᠎ᠠ᠃
ᠡᠨᠡ ᠨᠣᠮ ᠤ᠋ᠨ ᠠᠩᠬᠠᠨ ᠤ᠋ ᠤᠩᠰᠢᠭᠴᠢ ᠪᠣᠯᠵᠤ ᠬᠢᠨᠠᠨ ᠲᠣᠬᠢᠶᠠᠯᠳᠤᠭᠤᠯᠬᠤ ᠠᠬᠠᠳᠠᠭᠰᠠᠨ ᠭᠡᠮᠡᠷ ᠨᠡᠷ᠎ᠡ ᠬᠦᠨᠳᠦᠲᠡᠢ᠂ ᠬᠠᠷᠢᠭᠤᠴᠠᠯᠭ᠎ᠠ ᠲᠠᠢ ᠠᠵᠢᠯ ᠳ᠋ᠤ᠌ ᠳᠣᠬᠢᠶᠠᠭᠳᠠᠭᠰᠠᠨ ᠳ᠋ᠠᠭᠠᠨ ᠨᠢᠭᠡ ᠪᠣᠳᠣᠯ ᠤ᠋ᠨ ᠪᠠᠶᠠᠷᠯᠠᠮᠠᠷ ᠴᠦ᠍᠂ ᠲᠦᠭᠰᠢᠮᠡᠷ ᠴᠦ᠍ ᠁
ᠡᠨᠡ ᠨᠣᠮ ᠠ᠋ᠴᠠ ᠲᠠ ᠪᠦᠬᠦᠨ ᠬᠡᠷᠬᠢᠨ ᠬᠠᠢᠷᠠᠯᠠᠵᠤ ᠳᠤᠷᠠᠯᠠᠬᠤ᠂ ᠡᠷ᠎ᠡ ᠡᠮ᠎ᠡ ᠶ᠋ᠢᠨ ᠬᠠᠷᠢᠴᠠᠭᠠᠨ ᠤ᠋ ᠰᠣᠶᠣᠯ ᠢ᠋ ᠲᠡᠳᠦᠢ ᠦᠭᠡᠢ ᠡᠷ᠎ᠡ ᠡᠮ᠎ᠡ ᠶ᠋ᠢᠨ ᠬᠠᠷᠢᠴᠠᠭᠠᠨ ᠠ᠋ᠴᠠ ᠡᠭᠦᠳᠦᠨ ᠭᠠᠷᠳᠠᠭ ᠣᠯᠠᠨ ᠶᠠᠩᠵᠤ ᠶ᠋ᠢᠨ ᠰᠥᠷᠭᠡᠦ ᠨᠥᠯᠥᠭᠡ᠂ ᠲᠡᠭᠦᠨ ᠦ᠌ ᠡᠭᠦᠰᠬᠦ ᠪᠣᠯᠤᠭᠠᠳ ᠠᠷᠢᠯᠬᠤ ᠬᠦᠴᠦᠨ ᠵᠦᠢᠯᠡᠰ ᠦ᠋ᠨ ᠲᠠᠯ᠎ᠠ ᠪᠠᠷ ᠲᠣᠳᠣᠷᠬᠠᠢ ᠮᠡᠳᠡᠯᠭᠡ ᠣᠯᠵᠤ ᠠᠪᠬᠤ ᠪᠣᠯᠤᠨ᠎ᠠ᠃ ᠢᠯᠠᠩᠭᠤᠶ᠎ᠠ ᠵᠠᠯᠠᠭᠤᠰ ᠲᠠ ᠪᠦᠬᠦᠨ ᠦ᠌ ᠠᠮᠢᠳᠤᠷᠠᠯ ᠤ᠋ᠨ ᠲᠦᠮᠡᠨ ᠪᠠᠷᠲᠠᠭ᠎ᠠ ᠶ᠋ᠢ ᠬᠠᠮᠲᠤ ᠲᠤᠭᠤᠯᠬᠤ ᠰᠠᠢᠨ ᠬᠠᠨᠢ ᠴᠢᠨᠢ᠂ ᠰᠢᠷᠡᠭᠡᠨ ᠦ᠌ ᠨᠣᠮ ᠴᠢᠨᠢ ᠪᠣᠯᠤᠭᠠᠰᠠᠢ ᠭᠡᠵᠦ ᠬᠦᠰᠡᠨᠡᠮ᠃
《ᠡᠷ᠎ᠡ ᠡᠮ᠎ᠡ ᠶ᠋ᠢᠨ ᠶᠣᠰᠣᠨ》 ᠬᠡᠮᠡᠬᠦ ᠨᠣᠮ ᠨᠢ ᠵᠣᠬᠢᠶᠠᠭᠴᠢ ᠶ᠋ᠢᠨ ᠰᠤᠳᠤᠯᠭᠠᠨ ᠤ᠋ ᠠᠵᠢᠯ ᠤ᠋ᠨ ᠦᠷ᠎ᠡ ᠳ᠋ᠦᠩ ᠪᠣᠯᠤᠭᠰᠠᠨ ᠢ᠋ᠶ᠋ᠠᠷ ᠤᠩᠰᠢᠭᠴᠢᠳ ᠲᠤ ᠣᠢᠯᠠᠭᠠᠮᠵᠢᠲᠠᠢ ᠠᠮᠢᠳᠤᠷᠠᠯ ᠳ᠋ᠤ᠌ ᠨᠡᠯᠢᠶᠡᠳ ᠣᠢᠷ᠎ᠠ ᠲᠦᠳᠡ ᠪᠣᠳᠠᠲᠠᠢ ᠪᠣᠯᠤᠭᠰᠠᠨ ᠭᠡᠵᠦ ᠪᠣᠳᠣᠨ᠎ᠠ᠃ ᠴᠣᠬᠣᠮ ᠬᠦ᠌ ᠡᠨᠡ ᠨᠣᠮ ᠳ᠋ᠤ᠌ ᠶᠠᠭᠤ ᠪᠠᠷ ᠴᠤ᠌ ᠦᠯᠦ ᠬᠡᠮᠵᠢᠭᠳᠡᠬᠦ ᠦᠨ᠎ᠡ ᠴᠠᠨ᠎ᠠ ᠡᠨᠳᠡ ᠯᠡ ᠪᠠᠢᠭ᠎ᠠ ᠶᠤᠮ᠃
ᠭᠡᠬᠦ ᠳ᠋ᠡᠭᠡᠨ ᠭᠠᠭᠴᠠ ᠡᠨᠡ ᠨᠣᠮ ᠢ᠋ᠶ᠋ᠠᠷ ᠡᠷ᠎ᠡ ᠡᠮ᠎ᠡ ᠶ᠋ᠢᠨ ᠶᠣᠰᠣᠨ ᠬᠡᠮᠡᠬᠦ ᠰᠢᠨᠵᠢᠯᠡᠬᠦ ᠤᠬᠠᠭᠠᠨ ᠤ᠋ ᠲᠠᠯ᠎ᠠ ᠪᠠᠷ ᠪᠦᠷᠢᠨ ᠮᠡᠳᠡᠯᠭᠡ ᠲᠡᠢ ᠭᠡᠰᠡᠨ ᠦᠭᠡ ᠬᠠᠷᠠᠬᠠᠨ ᠪᠢᠰᠢ ᠠ᠋᠃ ᠬᠠᠷᠢᠨ ᠲᠠ ᠪᠦᠬᠦᠨ ᠦ᠌ ᠠᠵᠢᠯ ᠠᠮᠢᠳᠤᠷᠠᠯ ᠳ᠋ᠤ᠌᠂ ᠲᠡᠷᠡ ᠳᠤᠮᠳᠠ ᠪᠠᠨ ᠠᠮᠢᠳᠤᠷᠠᠯ ᠬᠡᠮᠡᠬᠦ ᠶᠡᠬᠡ ᠳᠠᠯᠠᠢ ᠶ᠋ᠢᠨ ᠵᠠᠬ᠎ᠠ ᠳ᠋ᠤ᠌ ᠬᠥᠯ ᠢ᠋ᠶ᠋ᠡᠨ ᠲᠥᠷᠥᠨ ᠠᠯᠳᠠᠵᠤ ᠪᠣᠢ ᠵᠠᠯᠠᠭᠤᠰ ᠲᠤ ᠶᠠᠮᠠᠷ ᠨᠢᠭᠡᠨ ᠬᠡᠮᠵᠢᠶ᠎ᠡ ᠪᠡᠷ ᠲᠤᠰᠠ ᠬᠦᠷᠭᠡᠵᠦ ᠴᠢᠳᠠᠪᠠᠯ ᠪᠢᠳᠡ ᠪᠠᠶᠠᠷᠯᠠᠬᠤ ᠪᠣᠯᠤᠨ᠎ᠠ᠃
ᠳ᠂ ᠪᠤᠯᠤᠳᠴᠠᠷᠢᠩ ᠪᠣᠯ ᠰᠠᠢᠨ ᠪᠠᠭᠰᠢ᠂ ᠰᠠᠢᠨ ᠡᠮᠴᠢ ᠲᠡᠳᠦᠢ ᠦᠭᠡᠢ ᠪᠠᠰᠠ ᠰᠠᠢᠨ ᠨᠡᠢᠲᠡᠯᠡᠯᠴᠢ ᠭᠡᠳᠡᠭ ᠢ᠋ ᠲᠠ ᠪᠦᠬᠦᠨ ᠬᠡᠪᠯᠡᠯ ᠮᠡᠳᠡᠭᠡᠯᠡᠯ ᠦ᠋ᠨ ᠬᠠᠭᠤᠳᠠᠰᠤᠨ ᠠ᠋ᠴᠠ ᠣᠯᠵᠤ ᠬᠠᠷᠠᠭᠰᠠᠨ ᠪᠠᠢᠬ᠎ᠠ᠃
ᠡᠭᠦᠨ ᠢ᠋ ᠪᠢᠴᠢᠭᠡᠴᠢ ᠳ᠂ ᠪᠤᠯᠤᠳᠴᠠᠷᠢᠩ ᠨᠢ ᠠᠨᠠᠭᠠᠬᠤ ᠤᠬᠠᠭᠠᠨ ᠤ᠋ ᠳᠡᠭᠡᠳᠦ ᠰᠤᠷᠭᠠᠭᠤᠯᠢ ᠶ᠋ᠢ1984 ᠣᠨ ᠳ᠋ᠤ᠌ ᠣᠨᠴᠠ ᠰᠠᠢᠨ ᠳ᠋ᠦᠩ ᠲᠡᠢ ᠲᠡᠭᠦᠰᠦᠭᠰᠡᠨ ᠡᠴᠡ ᠬᠣᠢᠰᠢ ᠠᠨᠠᠭᠠᠬᠤ ᠤᠬᠠᠭᠠᠨ ᠤ᠋ ᠳᠡᠭᠡᠳᠦ ᠰᠤᠷᠭᠠᠭᠤᠯᠢ ᠳ᠋ᠠᠭᠠᠨ ᠪᠠᠭᠰᠢᠯᠠᠬᠤ ᠶ᠋ᠢᠨ ᠰᠠᠴᠠᠭᠤ ᠡᠷᠳᠡᠮ ᠰᠢᠨᠵᠢᠯᠡᠭᠡᠨ ᠰᠤᠳᠤᠯᠭᠠᠨ ᠤ᠋ ᠠᠵᠢᠯ ᠡᠷᠬᠢᠯᠡᠵᠦ ᠪᠠᠢᠨ᠎ᠠ᠃ ᠠᠯᠢᠪᠠ ᠳ᠋ᠤ᠌ ᠠᠩᠬᠠᠳᠠᠭᠴᠢ ᠪᠠᠢᠬᠤ ᠳ᠋ᠤ᠌ ᠶᠠᠮᠠᠷ ᠰᠠᠢᠬᠠᠨ ᠪᠠᠢᠳᠠᠭ ᠢ᠋ ᠪᠤᠯᠤᠳᠴᠠᠷᠢᠩ ᠥᠪᠡᠷ ᠢ᠋ᠶ᠋ᠡᠨ ᠴᠦ᠍ ᠮᠡᠳᠡᠷᠡᠵᠦ ᠪᠣᠢ ᠭᠡᠵᠦ ᠪᠣᠳᠣᠨ᠎ᠠ᠃ ᠡᠭᠦᠨ ᠡᠴᠡ ᠭᠠᠳᠠᠨ᠎ᠠ ᠲᠡᠭᠦᠨ ᠲᠡᠢ ᠬᠠᠮᠲᠤᠷᠠᠨ ᠵᠢᠳᠬᠦᠭᠴᠢ ᠨᠠᠷ ᠲᠤ ᠴᠤ᠌ ᠡᠨᠡ ᠵᠢᠷᠭᠠᠯ ᠠ᠋ᠴᠠ ᠨᠣᠭᠳᠠᠬᠤ ᠬᠤᠪᠢ ᠪᠣᠢ ᠭᠡᠵᠦ ᠢᠲᠡᠭᠡᠨᠡᠮ᠃
ᠠᠩᠬᠠᠨ ᠤ᠋ ᠡᠨᠡ ᠪᠦᠲᠦᠭᠡᠯ ᠨᠢ ᠮᠣᠩᠭᠣᠯ ᠤ᠋ᠨ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠤ᠋ᠨ ᠤᠬᠠᠭᠠᠨ ᠢ᠋ ᠡᠬᠡ ᠣᠷᠣᠨ ᠳ᠋ᠠᠭᠠᠨ ᠲᠡᠳᠦᠢ ᠦᠭᠡᠢ ᠬᠢᠯᠢ ᠶ᠋ᠢᠨ ᠴᠢᠨᠠᠳᠤ ᠳ᠋ᠤ᠌ ᠰᠤᠷᠲᠠᠯᠴᠢᠯᠠᠬᠤ ᠳ᠋ᠤ᠌ ᠬᠤᠪᠢ ᠨᠡᠮᠡᠷᠢ ᠣᠷᠣᠭᠤᠯᠤᠭᠠᠳ ᠵᠣᠭᠰᠣᠬᠤ ᠦᠭᠡᠢ《 ᠡᠭᠦᠯᠡ ᠪᠣᠷᠣᠭᠠᠨ ᠤ᠋ ᠶᠠᠪᠤᠳᠠᠯ》 ᠤ᠋ᠨ ᠲᠠᠯ᠎ᠠ ᠪᠠᠷ ᠬᠢ ᠤᠩᠰᠢᠭᠴᠢᠳ ᠤ᠋ᠨ ᠢ᠋ᠶ᠋ᠠᠨ ᠣᠢᠯᠠᠭᠠᠯᠲᠠ ᠶ᠋ᠢ ᠪᠠᠶᠠᠵᠢᠭᠤᠯᠤᠨ᠎ᠠ ᠭᠡᠳᠡᠭ ᠲᠦ᠍ ᠢᠲᠡᠭᠡᠯ ᠲᠡᠭᠦᠰ ᠪᠠᠢᠨ᠎ᠠ᠃
ᠡᠴᠦᠰ ᠲᠦ᠍ ᠨᠢ ᠬᠡᠯᠡᠬᠦ ᠳ᠋ᠦ᠍ ᠡᠨᠡ ᠨᠣᠮ ᠵᠠᠯᠠᠭᠤᠰ ᠤ᠋ᠨ ᠲᠡᠳᠦᠢ ᠦᠭᠡᠢ ᠪᠦᠬᠦᠢᠯᠡ ᠬᠥᠮᠦᠰ ᠦ᠋ᠨ ᠢ᠋ᠶ᠋ᠡᠨ ᠣᠯᠠᠨ ᠵᠢᠯ ᠦ᠋ᠨ ᠣᠶᠤᠨ ᠤ᠋ ᠭᠠᠩ ᠢ᠋ ᠲᠠᠢᠯᠤᠭᠰᠠᠨ ᠢ᠋ᠶ᠋ᠠᠷ ᠤ᠋ᠳ ᠪᠤᠶᠠᠨ ᠤ᠋ ᠦᠢᠯᠡᠰ ᠪᠣᠯᠤᠭᠰᠠᠨ ᠢ᠋ ᠳᠠᠬᠢᠨ ᠲᠡᠮᠳᠡᠭᠯᠡᠮᠡᠷ ᠰᠠᠨᠠᠭᠳᠠᠯ᠎ᠠ᠃
ᠡᠨᠡ ᠨᠣᠮ ᠢ᠋ ᠪᠢᠴᠢᠬᠦ ᠳ᠋ᠦ᠍ ᠰᠡᠳᠬᠢᠯ ᠬᠠᠷᠠᠮ ᠦᠭᠡᠢ ᠲᠤᠰᠠᠯᠠᠯᠴᠠᠭ᠎ᠠ ᠦᠵᠡᠭᠦᠯᠦᠭᠰᠡᠨ ᠠᠨᠠᠭᠠᠬᠤ ᠤᠬᠠᠭᠠᠨ ᠤ᠋ ᠳ᠋ᠣᠺᠲ᠋ᠣᠷ᠂ ᠳ᠋ᠣᠽᠧᠨ᠋ᠲ᠂ [ ᠴ· ᠬᠦᠷᠳᠣᠷᠵᠢ]· ᠴ· ᠳᠣᠷᠵᠢᠵᠠᠳᠠᠮᠪᠠ᠂ ᠳᠡᠳ᠋ ᠡᠷᠳᠡᠮᠲᠡᠨ ᠰ· ᠪᠢᠮᠪᠠᠰᠦ᠋ᠷᠦᠩ᠂ ᠡᠮᠴᠢ ᠣᠷᠶᠤᠯᠤ᠂ ᠴᠡᠷᠢᠩᠵᠢᠩᠮᠡᠳ᠂ ᠰᠢᠭᠦᠮᠵᠢᠯᠡᠭᠴᠢ ᠴ· ᠬᠠᠰᠪᠠᠭᠠᠲᠤᠷ᠂ ᠵᠠᠯᠠᠭᠤ ᠢᠷᠠᠭᠤ ᠨᠠᠢᠷᠠᠭᠴᠢ ᠬ· ᠪᠦᠷᠢᠨᠳᠣᠭᠲᠠᠬᠤ ᠨᠠᠷ ᠲᠤ ᠭᠦᠨ ᠲᠠᠯᠠᠷᠬᠠᠯ ᠢ᠋ᠶ᠋ᠠᠨ ᠢᠯᠡᠷᠬᠡᠢᠯᠡᠶ᠎ᠡ᠃ ᠬᠡᠷᠪᠡ ᠲᠡᠢᠮᠦ ᠠᠬᠤᠯ᠎ᠠ᠂ ᠬᠦᠯᠢᠴᠡᠨ ᠥᠴᠢᠮᠦ᠃ ᠬᠠᠢᠷ᠎ᠠ ᠰᠡᠳᠬᠢᠯ ᠦ᠋ᠨ ᠵᠢᠩᠬᠢᠨᠢ ᠪᠠᠯ ᠪᠤᠷᠠᠮ ᠢ᠋ ᠠᠮᠲᠠᠯᠠᠭᠠ ᠦᠭᠡᠢ ᠬᠥᠮᠦᠨ ᠪᠦᠦ ᠭᠠᠷᠤᠭᠠᠰᠠᠢ ᠭᠡᠮᠡᠨ ᠢᠷᠦᠭᠡᠯ ᠠᠢᠯᠠᠳᠬᠠᠨᠠᠮ᠃
ᠴᠡᠷᠢᠩᠰᠣᠨᠣᠮ ᠤ᠋ᠨ ᠪᠠᠲᠤᠪᠠᠶᠠᠷ
