ᠲᠣᠷᠭᠠᠨ ᠨᠠᠮᠤᠷ ᠤ᠋ᠨ ᠡᠬᠡᠰᠢᠭ -ᠠ᠊᠂ ᠪᠠᠶᠠᠷᠬᠦᠦ Дурган намрын эгшиг-А,Баярхүү ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠷᠭᠠᠨ ᠨᠠᠮᠤᠷ ᠤ᠋ᠨ ᠡᠬᠡᠰᠢᠭ -ᠠ᠊᠂ ᠪᠠᠶᠠᠷᠬᠦᠦ Дурган намрын эгшиг-А,Баярхүү

ᠲᠣᠷᠭᠠᠨ ᠨᠠᠮᠤᠷ ᠤ᠋ᠨ ᠡᠬᠡᠰᠢᠭ -ᠠ᠊᠂ ᠪᠠᠶᠠᠷᠬᠦᠦ Дурган намрын эгшиг-А,Баярхүү

ᠠᠩᠭᠢᠯᠠᠯ:ᠳᠠᠭᠤᠤ ᠬᠥᠭᠵᠢᠮ
2024-08-28

6354

ᠲᠣᠷᠭᠠᠨ ᠨᠠᠮᠤᠷ ᠤ᠋ᠨ ᠡᠬᠡᠰᠢᠭ

   ᠦᠭᠡ᠄ ᠷᠠ᠊᠂ ᠴᠢᠯᠠᠭᠤ 
   ᠠᠶ᠎ᠠ᠄ ᠫ᠂ ᠰᠣᠶᠣᠯᠭᠡᠷᠡᠯ 
   ᠬᠥᠭᠵᠢᠮ ᠦ᠋ᠨ ᠨᠠᠢᠷᠠᠭᠤᠯᠭ᠎ᠠ᠄ ᠪᠠᠲᠤᠰᠠᠢᠬᠠᠨ 
   ᠳᠠᠭᠤᠴᠢᠨ᠄ ᠮᠣᠩᠭᠣᠯ ᠤᠯᠤᠰ ᠤ᠋ᠨ ᠰᠣᠶᠣᠯ ᠤ᠋ᠨ ᠲᠡᠷᠢᠭᠦᠨ ᠦ᠌ ᠠᠵᠢᠯᠲᠠᠨ ᠠ᠊᠂ ᠪᠠᠶᠠᠷᠬᠦᠦ 

ᠬᠣᠩᠭᠣᠷ ᠨᠠᠮᠤᠷ ᠤ᠋ᠨ ᠰᠠᠯᠬᠢᠨ ᠳ᠋ᠤ᠌ 
ᠬᠣᠩᠭᠣᠷᠴᠤᠭ ᠨᠠᠪᠴᠢᠰ ᠭᠠᠩᠰᠠᠷᠠᠩᠬᠠᠨ 
ᠬᠣᠨᠢᠨ ᠤ᠋ ᠪᠡᠯᠴᠢᠭᠡᠷ ᠰᠢᠷᠭᠠᠯᠲᠤᠨ 
ᠬᠣᠯᠠ ᠶ᠋ᠢᠨ ᠵᠡᠷᠭᠡᠯᠭᠡᠨ ᠰᠦᠮᠡᠢᠩᠬᠡᠨ 
ᠢᠯᠳᠠᠮᠬᠠᠨ ᠨᠠᠰᠤᠨ ᠤ᠋ ᠳᠤᠷᠠᠰᠤᠮᠵᠢ ᠶ᠋ᠢ 
ᠶᠠᠭᠠᠬᠢᠬᠤ ᠶ᠋ᠢᠨ ᠴᠤ᠌ ᠠᠷᠭ᠎ᠠ ᠦᠭᠡᠢ ᠰᠠᠨᠠᠭᠳᠠᠭᠤᠯᠤᠨ᠎ᠠ 
ᠶᠠᠲᠤᠭ᠎ᠠ ᠶ᠋ᠢᠨ ᠲᠣᠷᠭᠠᠨ ᠡᠬᠡᠰᠢᠭ ᠰᠢᠭ 
ᠢᠷᠠᠭᠤᠬᠠᠨ ᠰᠡᠪᠢᠯᠵᠡᠬᠦ ᠨᠠᠮᠤᠷ ᠪᠠᠢᠨ᠎ᠠ ᠰᠢᠦ ᠳᠡ 

ᠲᠠᠷᠠᠭ ᠠᠢᠷᠠᠭ ᠬᠠᠩᠬᠤᠯᠤᠭᠰᠠᠨ 
ᠲᠠᠷᠭᠤᠨ ᠨᠠᠮᠤᠷ ᠨᠢ ᠨᠠᠯᠠᠢᠭᠰᠠᠨ 
ᠳᠠᠭᠠᠨ᠎ᠠ ᠮᠠᠩᠭᠢᠷ ᠨᠢ ᠰᠡᠩᠭᠢᠨᠡᠭᠰᠡᠨ 
ᠲᠠᠩᠰᠤᠭ ᠪᠠᠢᠭᠠᠯᠢ ᠨᠢ ᠮᠦᠰᠢᠶᠡᠭᠰᠡᠨ
ᠢᠯᠳᠠᠮᠬᠠᠨ ᠨᠠᠰᠤᠨ ᠤ᠋ ᠳᠤᠷᠠᠰᠤᠮᠵᠢ ᠶ᠋ᠢ
ᠶᠠᠭᠠᠬᠢᠬᠤ ᠶ᠋ᠢᠨ ᠴᠤ᠌ ᠠᠷᠭ᠎ᠠ ᠦᠭᠡᠢ ᠰᠠᠨᠠᠭᠳᠠᠭᠤᠯᠤᠨ᠎ᠠ
ᠶᠠᠲᠤᠭ᠎ᠠ ᠶ᠋ᠢᠨ ᠲᠣᠷᠭᠠᠨ ᠡᠭᠡᠰᠢᠭ ᠰᠢᠭ
ᠢᠷᠠᠭᠤᠬᠠᠨ ᠰᠡᠪᠢᠯᠵᠡᠬᠦ ᠨᠠᠮᠤᠷ ᠪᠠᠢᠨ᠎ᠠ ᠰᠢᠦ ᠳᠡ

ᠬᠠᠮ ᠲᠡᠷᠭᠡ ᠭᠠᠩᠬᠤᠭᠤᠯᠤᠨ
ᠬᠠᠩᠭᠠᠢ ᠭᠣᠪᠢ ᠪᠠᠷ ᠣᠲᠣᠷᠯᠠᠳᠠᠭ
ᠬᠢᠯᠭᠠᠨ᠎ᠠ ᠶ᠋ᠢᠨ ᠲᠦᠷᠦᠭᠦᠦ ᠪᠤᠭᠤᠷᠤᠯᠲᠤᠬᠤ ᠪᠠᠷ
ᠬᠠᠳᠤᠯᠠᠩ ᠲᠡᠭᠡᠭᠡᠪᠦᠷᠢ ᠳ᠋ᠦ᠍ ᠶᠠᠭᠠᠷᠠᠳᠠᠭ
ᠢᠯᠳᠠᠮᠬᠠᠨ ᠨᠠᠰᠤᠨ ᠤ᠋ ᠳᠤᠷᠠᠰᠤᠮᠵᠢ ᠶ᠋ᠢ
ᠶᠠᠭᠠᠬᠢᠬᠤ ᠶ᠋ᠢᠨ ᠴᠤ᠌ ᠠᠷᠭ᠎ᠠ ᠦᠭᠡᠢ ᠰᠠᠨᠠᠭᠳᠠᠭᠤᠯᠤᠨ᠎ᠠ
ᠶᠠᠲᠤᠭ᠎ᠠ ᠶ᠋ᠢᠨ ᠲᠣᠷᠭᠠᠨ ᠡᠭᠡᠰᠢᠭ ᠰᠢᠭ
ᠢᠷᠠᠭᠤᠬᠠᠨ ᠰᠡᠪᠢᠯᠵᠡᠬᠦ ᠨᠠᠮᠤᠷ ᠪᠠᠢᠨ᠎ᠠ ᠰᠢᠦ ᠳᠡ

ᠢᠯᠳᠠᠮᠬᠠᠨ ᠨᠠᠰᠤᠨ ᠤ᠋ ᠳᠤᠷᠠᠰᠤᠮᠵᠢ ᠶ᠋ᠢ
ᠶᠠᠭᠠᠬᠢᠬᠤ ᠶ᠋ᠢᠨ ᠴᠤ᠌ ᠠᠷᠭ᠎ᠠ ᠦᠭᠡᠢ ᠰᠠᠨᠠᠭᠳᠠᠭᠤᠯᠤᠨ᠎ᠠ
ᠶᠠᠲᠤᠭ᠎ᠠ ᠶ᠋ᠢᠨ ᠲᠣᠷᠭᠠᠨ ᠡᠭᠡᠰᠢᠭ ᠰᠢᠭ
ᠢᠷᠠᠭᠤᠬᠠᠨ ᠰᠡᠪᠢᠯᠵᠡᠬᠦ ᠨᠠᠮᠤᠷ ᠪᠠᠢᠨ᠎ᠠ ᠰᠢᠦ ᠳᠡ
   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠳᠠᠭᠴᠢ᠄ ᠰᠣᠳᠣ
      ᠬᠢᠨᠠᠭᠴᠢ᠄ ᠢᠷᠡᠭᠡᠳᠦᠢ