ᠡᠩᠬᠡ ᠠᠮᠤᠭᠤᠯᠠᠩ ᠤ᠋ᠨ ᠲᠦᠯᠬᠢᠭᠦᠷ-ᠮᠠᠨᠳᠤᠬᠤ ᠪᠠᠭᠰᠢ ᠶᠢᠨ ᠤᠷᠠᠨ ᠪᠢᠴᠢᠯᠭᠡ
ᠡᠩᠬᠡ ᠠᠮᠤᠭᠤᠯᠠᠩ ᠤ᠋ᠨ ᠲᠦᠯᠬᠢᠭᠦᠷ
ᠣᠷᠴᠢᠯᠠᠩ ᠶᠢᠷᠲᠢᠨᠴᠦ ᠶ᠋ᠢᠨ ᠰᠢᠨᠵᠢᠯᠡᠬᠦ ᠤᠬᠠᠭᠠᠨ ᠤ᠋ ᠨᠢᠭᠤᠴᠠ
ᠣᠷᠣᠰᠢᠬᠤᠢ ᠪᠣᠳᠠᠰ ᠤᠯᠠᠷᠢᠨ ᠬᠤᠪᠢᠷᠠᠬᠤ ᠶᠣᠰᠣᠨ
ᠠᠯᠢᠪᠠ ᠪᠣᠳᠠᠰ ᠤ᠋ᠨ ᠠᠮᠢ ᠨᠠᠰᠤᠨ ᠤ᠋ ᠢᠯᠡᠷᠡᠭᠦᠨ
ᠠᠭᠠᠷ ᠭᠡᠷᠡᠯ ᠤᠰᠤᠨ ᠤ᠋ ᠡᠨᠧᠷᠭᠢ ᠶ᠋ᠢᠨ ᠬᠦᠴᠦᠨ
ᠲᠩᠷᠢ ᠭᠠᠵᠠᠷ ᠬᠥᠮᠦᠨ ᠭᠤᠷᠪᠠ ᠶ᠋ᠢᠨ ᠨᠢᠭᠡᠳᠦᠯ
ᠳᠡᠯᠭᠡᠷ ᠣᠷᠴᠢᠯᠠᠩ ᠤ᠋ᠨ ᠰᠤᠷᠠᠭ ᠳᠣᠬᠢᠶᠠᠨ ᠤ᠋ ᠨᠡᠪᠲᠡᠷᠡᠯ
ᠡᠷᠡᠭᠦᠯ ᠡᠩᠬᠡ ᠬᠥᠭᠵᠢᠯ ᠪᠠᠳᠠᠷᠠᠯ ᠤ᠋ᠨ ᠬᠦᠰᠡᠯᠡᠩ
ᠡᠷᠬᠢᠮ ᠴᠢᠬᠤᠯᠠ ᠨᠢ ᠣᠷᠴᠢᠨ ᠠᠬᠤᠢ ᠶ᠋ᠢᠨ ᠬᠠᠮᠠᠭᠠᠯᠠᠯ
ᠲᠠᠢᠪᠤᠩ ᠪᠠᠶᠠᠰᠤᠯ ᠤᠷᠲᠤ ᠨᠠᠰᠤᠯᠠᠬᠤ ᠶ᠋ᠢᠨ ᠵᠢᠮ᠎ᠡ
ᠲᠠᠮᠢᠷ ᠰᠤᠪᠢᠯᠠᠯᠲᠠ ᠤᠳᠠᠭᠠᠨ ᠵᠢᠷᠭᠠᠭᠠᠬᠤ ᠶ᠋ᠢᠨ ᠲᠣᠮ
ᠡᠬᠡ ᠪᠠᠢᠭᠠᠯᠢ ᠶ᠋ᠢᠨ ᠠᠷᠢᠭᠤᠨ ᠡᠨᠧᠷᠭᠢ ᠶ᠋ᠢᠨ ᠰᠢᠮ᠎ᠡ
ᠡᠪᠡᠳᠴᠢᠨ ᠢ᠋ ᠠᠷᠢᠯᠭᠠᠵᠤ ᠨᠠᠰᠤ ᠶ᠋ᠢ ᠤᠷᠲᠤᠳᠬᠠᠬᠤ ᠠᠳᠢᠰ
ᠤᠬᠠᠭᠠᠨᠲᠤ ᠬᠥᠮᠦᠨ ᠲᠦᠮᠡᠨ ᠪᠣᠳᠠᠰ ᠤ᠋ᠨ ᠰᠣᠳᠣ
ᠣᠶᠤᠨ ᠮᠠᠬᠠᠪᠣᠳ ᠤᠶᠠᠯᠳᠤᠨ ᠪᠠᠷᠢᠯᠳᠤᠭᠰᠠᠨ ᠴᠣᠭᠴᠠ
ᠠᠭᠤᠴᠢ ᠪᠣᠳᠣᠯ ᠠᠮᠢ ᠪᠡᠶ᠎ᠡ ᠶ᠋ᠢᠨ ᠰᠤᠳᠠᠰᠤ
ᠠᠷᠢᠭᠤᠨ ᠰᠠᠨᠠᠭ᠎ᠠ ᠥᠯᠵᠡᠢ ᠬᠤᠲᠤᠭ ᠤ᠋ᠨ ᠦᠨᠳᠦᠰᠦ
ᠣᠨᠴᠠ ᠡᠮᠨᠡᠯᠭᠡ ᠶ᠋ᠢᠨ ᠴᠦ᠍ ᠰᠢᠨ᠎ᠡ ᠣᠢᠯᠠᠭᠠᠭᠳᠠᠬᠤᠨ
ᠡᠷᠡᠨ ᠴᠠᠭ ᠤ᠋ᠨ ᠡᠩᠬᠡ ᠠᠮᠤᠭᠤᠯᠠᠩ ᠤ᠋ᠨ ᠲᠦᠯᠬᠢᠭᠦᠷ
ᠲᠦᠮᠡᠨ ᠣᠯᠠᠨ ᠤ᠋ ᠪᠡᠶ᠎ᠡ ᠰᠡᠳᠬᠢᠯ ᠦ᠋ᠨ ᠡᠷᠡᠭᠦᠯᠵᠢᠯ
ᠳᠡᠯᠡᠬᠡᠢ ᠨᠡᠢᠲᠡ ᠶ᠋ᠢᠨ ᠶᠡᠬᠡ ᠨᠢᠭᠡᠳᠦᠯ ᠦ᠋ᠨ ᠪᠠᠶᠠᠰᠤᠯ᠃
ᠦᠰᠦᠭ ᠠᠮᠢᠯᠠᠭᠤᠯᠤᠭᠴᠢ᠄ ᠭᠡᠷᠡᠯ
