ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠮ ᠶᠢᠨ ᠠᠢᠮᠠᠭ 1>Монгол зүйр цэцэн үгийн гураван мянган дээж – Д᠂Заяабаатар эмхэтгэв <Мийн аймаг 1>
ᠮ (М) ᠶᠢᠨ ᠠᠢᠮᠠᠭ –1
758 ᠮᠠᠨᠢ ᠲᠣᠭᠠᠯᠠᠬᠤ ᠳ᠋ᠤ᠌ ᠡᠷᠢᠭᠡ ᠬᠡᠷᠡᠭ ᠲᠡᠢ
ᠮᠠᠯ ᠬᠠᠷᠢᠭᠤᠯᠬᠤ ᠳ᠋ᠤ᠌ ᠰᠢᠯᠪᠢᠭᠦᠷ ᠬᠡᠷᠡᠭ ᠲᠡᠢ
759 ᠮᠠᠭᠠᠳ ᠳᠡᠭᠡᠳᠦᠰ ᠢ᠋ ᠣᠯᠵᠤ ᠨᠥᠬᠥᠷᠯᠡ
ᠮᠠᠭᠤ ᠶᠠᠪᠤᠳᠠᠯᠲᠠᠨ ᠠ᠋ᠴᠠ ᠨᠠᠰᠤᠳᠠ ᠬᠣᠯᠠᠳᠠ
760 ᠮᠠᠭᠲᠠᠪᠠᠯ ᠲᠩᠷᠢ ᠲᠤᠯᠭᠠᠵᠤ
ᠮᠠᠭᠤᠯᠠᠪᠠᠯ ᠭᠠᠵᠠᠷ ᠣᠷᠣᠭᠤᠯᠬᠤ
761 ᠮᠠᠭᠲᠠᠯ᠎ᠠ ᠭᠡᠵᠦ ᠪᠤᠤ ᠪᠡᠶᠡᠰ
ᠮᠠᠭᠤᠯᠠᠯᠠ ᠭᠡᠵᠦ ᠪᠤᠤ ᠭᠤᠨᠢ
762 ᠮᠠᠭᠲᠠᠭᠰᠠᠨ ᠬᠥᠮᠦᠨ ᠦ᠌
ᠮᠠᠯᠠᠭᠠᠢ ᠨᠢ ᠴᠣᠭᠣᠷᠬᠠᠢ
763 ᠮᠠᠭᠲᠠᠭᠰᠠᠨ ᠬᠡᠦᠬᠡᠨ ᠬᠤᠷᠢᠮ ᠳ᠋ᠠᠭᠠᠨ
ᠪᠠᠷᠳᠠᠭᠰᠠᠨ ᠪᠥᠬᠡ ᠠᠮᠠᠨ ᠳ᠋ᠠᠭᠠᠨ
764 ᠮᠠᠢᠵᠢᠭᠢ ᠬᠢᠰᠬᠢᠭᠴᠢᠳ ᠦ᠋ᠨ ᠬᠥᠯ ᠴᠡᠴᠡᠷᠡᠵᠦ
ᠮᠠᠭᠤ ᠰᠠᠨᠠᠭᠠᠲᠠᠨ ᠤ᠋ ᠵᠢᠷᠦᠬᠡ ᠴᠡᠴᠡᠷᠡᠬᠦ
765 ᠮᠠᠢᠯᠠᠭᠰᠠᠭᠠᠷ ᠮᠠᠢᠯᠠᠭᠰᠠᠭᠠᠷ ᠮᠠᠯ ᠪᠣᠯᠳᠠᠭ
ᠤᠬᠢᠯᠠᠭᠰᠠᠭᠠᠷ ᠤᠬᠢᠯᠠᠭᠰᠠᠭᠠᠷ ᠬᠥᠮᠦᠨ ᠪᠣᠯᠳᠠᠭ
766 ᠮᠠᠯ ᠭᠡᠬᠦ ᠳ᠋ᠦ᠍ ᠶᠠᠰᠤ ᠨᠢ ᠬᠠᠪᠲᠠᠢᠵᠤ
ᠮᠢᠬ᠎ᠠ ᠭᠡᠬᠦ ᠳ᠋ᠦ᠍ ᠮᠠᠩᠨᠠᠢ ᠨᠢ ᠲᠡᠨᠢᠢᠬᠦ
767 ᠮᠠᠯ ᠥᠰᠬᠡᠬᠦ ᠳ᠋ᠦ᠍ ᠲᠤᠰᠠ ᠦᠭᠡᠢ ᠪᠣᠯ
ᠮᠢᠬ᠎ᠠ ᠢᠳᠡᠬᠦ ᠪᠡᠷ ᠬᠢᠲᠤᠭ᠎ᠠ ᠪᠠᠨ ᠪᠤᠤ ᠬᠤᠷᠴᠠᠯᠠ
768 ᠮᠠᠯ ᠲᠠᠷᠭᠤ ᠮᠠᠭᠤ ᠲᠠᠢ ᠨᠢ
ᠮᠠᠯᠯᠠᠭ᠎ᠠ ᠮᠠᠭᠤ ᠶ᠋ᠢᠨ ᠰᠢᠨᠵᠢ
769 ᠮᠠᠯ ᠲᠡᠵᠢᠭᠡᠪᠡᠯ ᠠᠮᠠ ᠲᠣᠰᠣᠳᠠᠨᠠ
ᠬᠥᠮᠦᠨ ᠲᠡᠵᠢᠭᠡᠪᠡᠯ ᠬᠦᠴᠦ ᠨᠡᠮᠡᠨ᠎ᠡ
770 ᠮᠠᠯ ᠡᠵᠡᠨ ᠢ᠋ᠶ᠋ᠡᠷ ᠢ᠋ᠶ᠋ᠡᠨ ᠪᠣᠯᠳᠠᠭ
ᠮᠠᠯᠠᠭᠠᠢ ᠲᠣᠯᠣᠭᠠᠢ ᠪᠠᠷ ᠢ᠋ᠶ᠋ᠠᠨ ᠪᠣᠯᠳᠠᠭ
771 ᠮᠠᠩᠬᠠᠨ ᠳ᠋ᠤ᠌ ᠤᠨᠤᠬᠤ ᠳ᠋ᠤ᠌ ᠲᠡᠮᠡᠭᠡ
ᠮᠢᠬ᠎ᠠ ᠶ᠋ᠢ ᠨᠢ ᠢᠳᠡᠬᠦ ᠳ᠋ᠦ᠍ ᠬᠣᠨᠢ
772 ᠮᠠᠷᠭᠠᠰᠢ ᠶ᠋ᠢᠨ ᠥᠭᠡᠬᠦᠨ ᠡᠴᠡ
ᠥᠨᠥᠳᠥᠷ ᠦ᠋ᠨ ᠠᠭᠤᠰᠬᠢ
773 ᠮᠢᠬ᠎ᠠ ᠢᠳᠡᠶ᠎ᠡ ᠭᠡᠪᠡᠯ ᠮᠠᠯ ᠢ᠋ᠶ᠋ᠠᠨ ᠮᠠᠯᠯᠠ
ᠲᠠᠯᠬ᠎ᠠ ᠢᠳᠡᠶ᠎ᠡ ᠭᠡᠪᠡᠯ ᠲᠠᠷᠢᠶ᠎ᠠ ᠪᠠᠨ ᠳᠠᠷᠢ
774 ᠮᠢᠬ᠎ᠠ ᠢᠳᠡᠵᠦ ᠥᠰᠦᠭᠰᠡᠨ ᠴᠢᠨᠣ᠎ᠠ ᠶ᠋ᠢᠨ
ᠰᠠᠨᠠᠭ᠎ᠠ ᠨᠢ ᠬᠡᠵᠢᠶᠡᠳᠡ ᠬᠣᠨᠢᠨ ᠳ᠋ᠤ᠌
775 ᠮᠢᠬ᠎ᠠ ᠣᠭᠲᠣᠯᠤᠭᠰᠠᠨ ᠬᠥᠮᠦᠨ ᠭᠠᠷ ᠢ᠋ᠶ᠋ᠠᠨ ᠲᠣᠰᠣᠳᠠᠳᠠᠭ
ᠵᠠᠬ᠎ᠠ ᠭᠠᠷᠤᠭᠰᠠᠨ ᠬᠥᠮᠦᠨ ᠮᠥᠩᠭᠥ ᠪᠡᠨ ᠪᠠᠷᠠᠳᠠᠭ
776 ᠮᠢᠬᠠᠨ ᠬᠡᠯᠡ ᠬᠠᠵᠠᠢᠵᠤ
ᠮᠠᠢᠵᠢᠭᠢ ᠭᠤᠲᠤᠯ ᠬᠠᠯᠲᠤᠷᠢᠳᠠᠭ
777 ᠮᠢᠬᠠᠨ ᠤ᠋ ᠲᠠᠷᠭᠤᠨ ᠨᠢ
ᠦᠭᠡᠨ ᠦ᠌ ᠴᠥᠭᠡᠨ ᠨᠢ
778 ᠮᠢᠬᠠᠨ ᠤ᠋ ᠬᠠᠭᠠᠨ ᠨᠢᠳᠦ
ᠶᠠᠰᠤᠨ ᠤ᠋ ᠬᠠᠭᠠᠨ ᠰᠢᠳᠦ
779 ᠮᠢᠬᠠᠨ ᠤ᠋ ᠰᠢᠷᠬ᠎ᠠ ᠡᠳᠡᠭᠡᠳᠡᠭ
ᠦᠭᠡᠨ ᠦ᠌ ᠰᠢᠷᠬ᠎ᠠ ᠡᠳᠡᠭᠡᠳᠡᠭ ᠦᠭᠡᠢ
780 ᠮᠣᠭᠠᠢ ᠭᠤᠷᠪᠠ ᠲᠠᠰᠤᠷᠠᠪᠠᠴᠤ
ᠬᠦᠷᠪᠡᠯ ᠦ᠋ᠨ ᠴᠢᠨᠡᠭᠡ
781 ᠮᠣᠭᠠᠢ ᠮᠣᠳᠣ ᠣᠷᠢᠶᠠᠵᠤ
ᠮᠠᠭᠤ ᠰᠠᠨᠠᠭ᠎ᠠ ᠪᠡᠶ᠎ᠡ ᠣᠷᠢᠶᠠᠨ᠎ᠠ
782 ᠮᠣᠭᠠᠢ ᠮᠥᠷ ᠢ᠋ᠶ᠋ᠡᠨ ᠲᠠᠨᠢᠬᠤ ᠦᠭᠡᠢ
ᠬᠥᠮᠦᠨ ᠪᠡᠶ᠎ᠡ ᠪᠡᠨ ᠮᠡᠳᠡᠬᠦ ᠦᠭᠡᠢ
783 ᠮᠣᠭᠠᠢ ᠮᠡᠯᠡᠬᠡᠢ ᠮᠠᠭᠤ ᠪᠣᠯᠪᠠᠴᠤ
ᠯᠤᠤᠰ ᠤ᠋ᠨ ᠬᠠᠭᠠᠨ ᠤ᠋ ᠲᠥᠷᠥᠯ
784 ᠮᠣᠭᠠᠢ ᠬᠠᠯᠢᠰᠤ ᠪᠠᠨ ᠬᠡᠭᠡᠪᠡᠴᠦ
ᠴᠢᠨᠠᠷ ᠢ᠋ᠶ᠋ᠠᠨ ᠭᠡᠭᠡᠬᠦ ᠦᠭᠡᠢ
785 ᠮᠣᠭᠠᠢ ᠬᠣᠣᠷᠤᠨ ᠳ᠋ᠠᠭᠠᠨ ᠰᠢᠷᠠᠯᠠᠵᠤ
ᠮᠠᠭᠤ ᠬᠥᠮᠦᠨ ᠨᠢᠭᠦᠯ ᠳ᠋ᠡᠭᠡᠨ ᠬᠠᠷᠠᠯᠠᠨ᠎ᠠ
786 ᠮᠣᠭᠠᠢ ᠶ᠋ᠢ ᠨᠠᠷᠢᠨ ᠭᠡᠵᠦ ᠪᠦᠦ ᠡᠨᠳᠡ᠂ ᠬᠠᠳᠬᠤᠵᠤ ᠪᠣᠯᠬᠤ
ᠮᠣᠷᠢ ᠶ᠋ᠢ ᠨᠣᠮᠣᠬᠠᠨ ᠭᠡᠵᠦ ᠪᠦᠦ ᠡᠨᠳᠡ᠂ ᠬᠠᠢᠷᠴᠤ ᠪᠣᠯᠬᠤ
787 ᠮᠣᠭᠠᠢ ᠳ᠋ᠤ᠌ ᠨᠢᠭᠡ ᠬᠠᠳᠬᠤᠭᠤᠯᠤᠭᠰᠠᠨ ᠬᠥᠮᠦᠨ
ᠮᠣᠳᠣᠨ ᠤ᠋ ᠦᠨᠳᠦᠰᠦ ᠡᠴᠡ ᠴᠦ᠍ ᠠᠶᠤᠬᠤ
788 ᠮᠣᠭᠠᠢ ᠶ᠋ᠢᠨ ᠬᠣᠣᠷ ᠰᠢᠳᠦᠨ ᠳ᠋ᠡᠭᠡᠨ
ᠮᠠᠭᠤ ᠬᠥᠮᠦᠨ ᠦ᠌ ᠬᠣᠣᠷ ᠵᠢᠷᠦᠬᠡᠨ ᠳ᠋ᠡᠭᠡᠨ
789 ᠮᠣᠭᠠᠢ ᠶ᠋ᠢᠨ ᠬᠦᠰᠡᠯᠡᠩ ᠪᠢᠯᠵᠤᠤᠬᠠᠢ ᠶ᠋ᠢᠨ ᠳᠡᠭᠡᠷ᠎ᠡ
ᠮᠤᠤᠷ ᠤ᠋ᠨ ᠬᠦᠰᠡᠯᠡᠩ ᠬᠤᠯᠤᠭᠠᠨ᠎ᠠ ᠶ᠋ᠢᠨ ᠳᠡᠭᠡᠷ᠎ᠡ
790 ᠮᠣᠭᠠᠢ ᠶ᠋ᠢᠨ ᠡᠷᠢᠶᠡᠨ ᠭᠠᠳᠠᠨ᠎ᠠ ᠪᠠᠨ
ᠬᠥᠮᠦᠨ ᠦ᠌ ᠡᠷᠢᠶᠡᠨ ᠳᠣᠲᠣᠷ᠎ᠠ ᠪᠠᠨ
791 ᠮᠣᠳᠣ ᠬᠡᠳᠦᠢ ᠥᠨᠳᠥᠷ ᠪᠣᠯᠪᠠᠴᠤ
ᠦᠨᠳᠦᠰᠦ ᠦᠭᠡᠢ ᠪᠣᠯ ᠤᠷᠭᠤᠬᠤ ᠦᠭᠡᠢ
ᠮᠣᠷᠢ ᠬᠡᠳᠦᠢ ᠬᠤᠷᠳᠤᠨ ᠪᠣᠯᠪᠠᠴᠤ
ᠵᠢᠯᠣᠭᠣ ᠦᠭᠡᠢ ᠪᠣᠯ ᠳᠠᠪᠬᠢᠬᠤ ᠦᠭᠡᠢ
792 ᠮᠣᠳᠣᠨ ᠤ᠋ ᠨᠠᠪᠴᠢ ᠰᠢᠷᠠᠯᠠᠪᠠᠴᠤ
ᠦᠨᠳᠦᠰᠦ ᠨᠢ ᠰᠢᠷᠠᠯᠠᠬᠤ ᠦᠭᠡᠢ
ᠬᠥᠮᠦᠨ ᠦ᠌ ᠨᠠᠰᠤ ᠬᠥᠭᠰᠢᠷᠡᠪᠡᠴᠦ
ᠵᠣᠷᠢᠭ ᠨᠢ ᠬᠥᠭᠰᠢᠷᠡᠬᠦ ᠦᠭᠡᠢ
793 ᠮᠣᠳᠣᠨ ᠬᠢᠷᠥᠭᠡ ᠲᠡᠮᠦᠷ ᠲᠦ᠍ ᠵᠣᠬᠢᠬᠤ ᠦᠭᠡᠢ
ᠮᠠᠭᠤ ᠰᠠᠨᠠᠭ᠎ᠠ ᠪᠡᠶ᠎ᠡ ᠳ᠋ᠦ᠍ ᠵᠣᠬᠢᠬᠤ ᠦᠭᠡᠢ
794 ᠮᠣᠩᠭᠣᠯ ᠬᠥᠮᠦᠨ ᠠᠮᠠᠨ ᠪᠡᠯᠭᠡ ᠪᠡᠷ
ᠬᠢᠲᠠᠳ ᠬᠥᠮᠦᠨ ᠠᠯᠠᠭᠠᠨ ᠪᠢᠴᠢᠭ ᠢ᠋ᠶ᠋ᠡᠷ
795 ᠮᠣᠩᠭᠣᠯ ᠬᠥᠮᠦᠨ ᠶᠣᠰᠣ ᠪᠠᠨ ᠳᠡᠭᠡᠳᠦᠯᠡᠳᠡᠭ
ᠮᠣᠷᠢᠲᠠᠨ ᠠᠷᠠᠳ ᠬᠦᠯᠦᠭ ᠢ᠋ᠶ᠋ᠡᠨ ᠪᠢᠰᠢᠷᠡᠳᠡᠭ
796 ᠮᠣᠩᠭᠣᠯ ᠬᠥᠮᠦᠨ ᠮᠣᠷᠢ ᠪᠠᠨ ᠮᠠᠭᠲᠠᠵᠤ
ᠮᠣᠳᠣᠴᠢᠨ ᠬᠥᠮᠦᠨ ᠬᠢᠷᠥᠭᠡ ᠪᠡᠨ ᠮᠠᠭᠲᠠᠨ᠎ᠠ
797 ᠮᠣᠷᠳᠠᠬᠤ ᠨᠢ ᠬᠠᠵᠠᠭᠠᠢ ᠪᠣᠯ
ᠮᠣᠷᠢᠯᠠᠬᠤ ᠨᠢ ᠴᠦ᠍ ᠬᠠᠵᠠᠭᠠᠢ
798 ᠮᠣᠷᠢ ᠮᠢᠩᠭᠠᠨ ᠭᠠᠵᠠᠷ ᠶᠠᠪᠤᠪᠠᠴᠤ
ᠲᠥᠷᠥᠭᠰᠡᠨ ᠨᠤᠲᠤᠭ ᠢ᠋ᠶ᠋ᠠᠨ ᠮᠠᠷᠲᠠᠬᠤ ᠦᠭᠡᠢ
799 ᠮᠣᠷᠢ ᠰᠠᠢᠲᠠᠢ ᠬᠥᠮᠦᠨ ᠵᠠᠮ ᠮᠡᠳᠡᠬᠦ ᠦᠭᠡᠢ
ᠬᠠᠨᠢ ᠰᠠᠢᠲᠠᠢ ᠬᠥᠮᠦᠨ ᠵᠣᠪᠠᠯᠠᠩ ᠮᠡᠳᠡᠬᠦ ᠦᠭᠡᠢ
800 ᠮᠣᠷᠢᠨ ᠠ᠋ᠴᠠ ᠪᠠᠭᠤᠵᠤ ᠪᠣᠯᠬᠤ
ᠦᠭᠡᠨ ᠡᠴᠡ ᠪᠡᠨ ᠪᠤᠴᠠᠵᠤ ᠦᠯᠦ ᠪᠣᠯᠬᠤ
801 ᠮᠣᠷᠢᠨ ᠠ᠋ᠴᠠ ᠰᠠᠢᠨ ᠤᠨᠤᠭ᠎ᠠ ᠦᠭᠡᠢ
ᠲᠡᠮᠡᠭᠡᠨ ᠡᠴᠡ ᠰᠠᠢᠨ ᠬᠥᠰᠬᠡ ᠦᠭᠡᠢ
802 ᠮᠣᠷᠢᠨ ᠤ᠋ ᠴᠢᠮᠡᠭ ᠡᠮᠡᠭᠡᠯ
ᠮᠣᠳᠣᠨ ᠤ᠋ ᠴᠢᠮᠡᠭ ᠮᠥᠴᠢᠷ
803 ᠮᠣᠷᠢ ᠦᠭᠡᠢ ᠮᠣᠩᠭᠣᠯ
ᠳᠠᠯᠠᠪᠴᠢ ᠦᠭᠡᠢ ᠪᠦᠷᠭᠦᠳ ᠠᠳᠠᠯᠢ
804 ᠮᠣᠷᠢ ᠲᠠᠢ ᠶᠠᠪᠠᠭᠠᠨ ᠬᠣᠶᠠᠷ ᠨᠡᠢᠯᠡᠳᠡᠭ ᠦᠭᠡᠢ
ᠮᠣᠳᠣ ᠴᠢᠯᠠᠭᠤ ᠬᠣᠶᠠᠷ ᠲᠣᠬᠢᠷᠠᠳᠠᠭ ᠦᠭᠡᠢ
805 ᠮᠥᠩᠭᠥ ᠦᠨᠡᠨ ᠢ᠋ ᠣᠯᠵᠤ
ᠦᠨᠡᠨ ᠦᠨᠡᠨ ᠢ᠋ᠶ᠋ᠡᠨ ᠣᠯᠬᠤ ᠦᠭᠡᠢ ᠪᠣᠯᠬᠤ
806 ᠮᠥᠩᠭᠥᠨ ᠠᠶᠠᠭ᠎ᠠ ᠪᠠᠷᠢᠵᠤ
ᠪᠤᠳᠠᠭ᠎ᠠ ᠭᠤᠶᠤᠬᠤ
807 ᠮᠥᠩᠭᠥ ᠮᠠᠭᠤᠳᠠᠪᠠᠯ ᠡᠵᠡᠨ ᠳ᠋ᠡᠭᠡᠨ
ᠬᠡᠦᠬᠡᠨ ᠮᠠᠭᠤᠳᠠᠪᠠᠯ ᠲᠥᠷᠬᠥᠮ ᠳ᠋ᠡᠭᠡᠨ
808 ᠮᠥᠩᠭᠥ ᠲᠡᠢ ᠬᠥᠮᠦᠨ
ᠲᠠᠮᠤ ᠶ᠋ᠢᠨ ᠠᠮᠠᠨ ᠳᠡᠭᠡᠷ᠎ᠡ ᠵᠢᠷᠭᠠᠳᠠᠭ
809 ᠮᠥᠷᠥ ᠪᠦᠲᠦᠨ ᠡᠴᠡ
ᠨᠡᠷ᠎ᠡ ᠪᠦᠲᠦᠨ ᠨᠢ ᠳᠡᠭᠡᠷ᠎ᠡ
810 ᠮᠥᠷᠡᠨ ᠭᠣᠣᠯ ᠢ᠋
ᠬᠣᠪᠣᠭᠣ ᠪᠠᠷ ᠰᠢᠷᠭᠢᠭᠡᠵᠦ ᠪᠣᠯᠬᠤ ᠦᠭᠡᠢ
ᠣᠭᠲᠠᠷᠭᠤᠢ ᠶ᠋ᠢᠨ ᠰᠣᠯᠣᠩᠭ᠎ᠠ ᠶ᠋ᠢ
ᠭᠠᠷ ᠢ᠋ᠶ᠋ᠠᠷ ᠪᠠᠷᠢᠵᠤ ᠪᠣᠯᠬᠤ ᠦᠭᠡᠢ
811 ᠮᠥᠷᠡᠨ ᠳᠠᠯᠠᠢ ᠠ᠋ᠴᠠ ᠡᠭᠦᠯᠡ ᠭᠠᠷᠬᠤ
ᠮᠡᠷᠭᠡᠨ ᠤᠬᠠᠭᠠᠨ ᠠ᠋ᠴᠠ ᠠᠷᠭ᠎ᠠ ᠭᠠᠷᠬᠤ
812 ᠮᠥᠷᠦᠨ ᠳ᠋ᠡᠭᠡᠨ ᠲᠣᠬᠢᠷᠠᠭᠰᠠᠨ ᠬᠤᠪᠴᠠᠰᠤ ᠡᠮᠦᠰᠴᠦ
ᠮᠣᠷᠢᠨ ᠳ᠋ᠠᠭᠠᠨ ᠲᠣᠬᠢᠷᠠᠭᠰᠠᠨ ᠡᠮᠡᠭᠡᠯ ᠲᠣᠬᠣᠬᠤ
813 ᠮᠥᠷᠡᠨ ᠦ᠌ ᠣᠢᠷ᠎ᠠ ᠰᠠᠭᠤᠭᠰᠠᠨ ᠬᠥᠮᠦᠨ
ᠤᠰᠤᠨ ᠳ᠋ᠠᠭᠠᠨ ᠰᠠᠢᠨ
814 ᠮᠥᠰᠥ ᠴᠠᠰᠤᠨ ᠤ᠋ ᠤᠰᠤ ᠨᠢᠭᠡ
ᠮᠥᠷᠭᠥᠯ ᠵᠠᠯᠪᠠᠷᠢᠯ ᠤ᠋ᠨ ᠰᠦᠰᠦᠭ ᠨᠢᠭᠡ
815 ᠮᠥᠰᠥᠨ ᠳᠡᠭᠡᠷ᠎ᠡ ᠶᠠᠪᠤᠬᠤ ᠬᠥᠮᠦᠨ ᠲᠣᠯᠣᠭᠠᠢ ᠪᠠᠨ
ᠮᠥᠩᠭᠥᠨ ᠳᠡᠭᠡᠷ᠎ᠡ ᠶᠠᠪᠤᠬᠤ ᠬᠥᠮᠦᠨ ᠠᠮᠢ ᠪᠠᠨ
816 ᠮᠥᠴᠢᠷ ᠢ᠋ ᠨᠢ ᠬᠤᠭᠤᠯᠬᠤ ᠳ᠋ᠤ᠌
ᠦᠨᠳᠦᠰᠦ ᠨᠢ ᠦᠯᠡᠳᠡᠳᠡᠭ
817 ᠮᠥᠬᠥᠬᠦ ᠴᠠᠭ ᠢᠷᠡᠪᠡᠯ
ᠮᠢᠩᠭᠠᠨ ᠪᠤᠷᠬᠠᠨ ᠴᠤ᠌ ᠬᠡᠷᠡᠭ ᠦᠭᠡᠢ
818 ᠮᠥᠴᠢᠷ ᠪᠦᠲᠦᠨ ᠮᠣᠳᠣ ᠪᠠᠢᠳᠠᠭ ᠦᠭᠡᠢ
ᠡᠯᠢᠭᠡ ᠪᠦᠲᠦᠨ ᠬᠥᠮᠦᠨ ᠪᠠᠢᠳᠠᠭ ᠦᠭᠡᠢ
819 ᠮᠤᠩᠬᠠᠭ ᠢ᠋ᠶ᠋ᠠᠨ ᠲᠡᠳᠬᠦᠬᠦ ᠦᠭᠡᠢ ᠮᠡᠷᠭᠡᠳ ᠠᠯᠳᠠᠷ ᠦᠭᠡᠢ
ᠲᠦᠰᠢᠭ ᠢ᠋ᠶ᠋ᠡᠨ ᠬᠠᠷᠠᠳᠠᠬᠤ ᠮᠤᠩᠬᠠᠭ ᠬᠠᠨᠢ ᠦᠭᠡᠢ
820 ᠮᠤᠩᠬᠠᠭ ᠤ᠋ᠨ ᠡᠷᠳᠡᠮ ᠠᠮᠠᠨ ᠳ᠋ᠤᠨᠢ
ᠮᠡᠷᠭᠡᠨ ᠦ᠌ ᠡᠷᠳᠡᠮ ᠴᠡᠭᠡᠵᠢᠨ ᠳ᠋ᠦ᠍ᠨᠢ
821 ᠮᠤᠷᠤᠢ ᠰᠤᠮᠤ ᠶ᠋ᠢ ᠵᠠᠰᠠᠪᠠᠯ ᠫᠠᠢ ᠤᠨᠤᠵᠤ ᠪᠣᠯᠤᠨ᠎ᠠ
ᠮᠤᠩᠬᠠᠭ ᠬᠥᠮᠦᠨ ᠢ᠋ ᠰᠤᠷᠭᠠᠪᠠᠯ ᠰᠡᠴᠡᠨ ᠪᠣᠯᠵᠤ ᠮᠡᠳᠡᠨ᠎ᠡ
822 ᠮᠠᠭᠤ ᠠᠮᠢᠳᠤ ᠶᠠᠪᠤᠬᠤ ᠪᠠᠷ
ᠰᠠᠢᠨ ᠨᠡᠷ᠎ᠡ ᠲᠡᠢ ᠦᠬᠦᠭᠰᠡᠨ ᠨᠢ ᠳᠡᠭᠡᠷ᠎ᠡ
823 ᠮᠠᠭᠤ ᠠᠨᠳᠠ ᠠ᠋ᠴᠠ
ᠰᠠᠢᠨ ᠲᠠᠨᠢᠯ ᠳᠡᠭᠡᠷ᠎ᠡ
824 ᠮᠠᠭᠤ ᠳᠠᠢᠰᠤᠨ ᠲᠠᠨᠢᠳᠠᠭ ᠲᠠᠭᠠᠨ ᠪᠠᠭᠠᠲᠤᠷ
ᠮᠠᠭᠤ ᠡᠷ᠎ᠡ ᠡᠮ᠎ᠡ ᠳ᠋ᠡᠭᠡᠨ ᠪᠠᠭᠠᠲᠤᠷ
825 ᠮᠠᠭᠤ ᠳᠤᠤᠭᠠᠷᠤᠭᠰᠠᠨ ᠠ᠋ᠴᠠ
ᠳᠠᠭᠤ ᠦᠭᠡᠢ ᠪᠠᠢᠭᠰᠠᠨ ᠨᠢ ᠳᠡᠭᠡᠷ᠎ᠡ
826 ᠮᠠᠭᠤ ᠵᠠᠰᠠᠭ ᠲᠥᠷᠥ ᠶ᠋ᠢᠨ ᠡᠪᠡᠳᠴᠢᠨ
ᠮᠠᠭᠤ ᠡᠵᠡᠨ ᠭᠡᠷ ᠦ᠋ᠨ ᠡᠪᠡᠳᠴᠢᠨ
827 ᠮᠠᠭᠤ ᠢᠳᠡᠰᠢ ᠵᠢᠯ ᠦ᠋ᠨ ᠭᠠᠢ
ᠮᠠᠭᠤ ᠡᠬᠡᠨᠡᠷ ᠨᠠᠰᠤᠨ ᠤ᠋ ᠭᠠᠢ
828 ᠮᠠᠭᠤ ᠢᠨᠢᠶᠡᠬᠦ ᠪᠡᠷ
ᠰᠠᠢᠨ ᠤᠬᠢᠯᠠ
829 ᠮᠠᠭᠤ ᠯᠠᠮᠠ ᠰᠦᠮ᠎ᠡ ᠶ᠋ᠢᠨ ᠪᠣᠯᠠᠢ
ᠮᠠᠭᠤ ᠡᠮ᠎ᠡ ᠭᠡᠷ ᠦ᠋ᠨ ᠪᠣᠯᠠᠢ
830 ᠮᠠᠭᠤ ᠮᠢᠬᠠᠨ ᠤ᠋ ᠳᠠᠯᠳᠠ ᠨᠢ
ᠮᠠᠭᠤ ᠦᠭᠡᠨ ᠦ᠌ ᠢᠯᠡ ᠨᠢ
831 ᠮᠠᠭᠤ ᠮᠣᠷᠢ ᠡᠳᠦᠷ ᠦ᠋ᠨ ᠠᠶᠠᠨ ᠢ᠋ ᠳᠠᠭᠠᠭᠠᠬᠤ ᠦᠭᠡᠢ
ᠮᠤᠩᠬᠠᠭ ᠬᠥᠮᠦᠨ ᠦᠭᠡᠨ ᠦ᠌ ᠭᠠᠰᠢᠭᠤᠨ ᠢ᠋ ᠳᠠᠭᠠᠭᠠᠬᠤ ᠦᠭᠡᠢ
832 ᠮᠠᠭᠤ ᠨᠣᠮᠲᠤ ᠲᠣᠭᠠᠯᠠᠭᠠᠴᠢ
ᠮᠠᠭᠤ ᠣᠶᠣᠳᠠᠯᠴᠢ ᠦᠭᠡᠯᠡᠭᠡᠴᠢ
833 ᠮᠠᠭᠤ ᠨᠣᠬᠠᠢ ᠮᠠᠯ ᠤᠷᠤᠭᠤ ᠬᠤᠴᠠᠳᠠᠭ
ᠮᠠᠭᠤ ᠡᠷ᠎ᠡ ᠡᠮ᠎ᠡ ᠳ᠋ᠡᠭᠡᠨ ᠨᠣᠶᠠᠷᠬᠠᠳᠠᠭ
834 ᠮᠠᠭᠤ ᠨᠣᠬᠠᠢ ᠬᠠᠲᠠᠪᠴᠢᠨ ᠤ᠋ ᠪᠤᠭ
ᠮᠠᠭᠤ ᠡᠮ᠎ᠡ ᠭᠡᠷ ᠦ᠋ᠨ ᠪᠤᠭ
835 ᠮᠠᠭᠤ ᠨᠢᠭᠤᠬᠤ ᠪᠠᠷ
ᠰᠠᠢᠨ ᠢᠯᠡᠴᠢᠯᠡ
836 ᠮᠠᠭᠤ ᠨᠡᠷ᠎ᠡ ᠪᠡᠨ ᠳᠠᠬᠢᠨ ᠪᠤᠤ ᠳᠠᠭᠤᠳᠠᠭᠤᠯ
ᠮᠠᠭᠤ ᠠᠭᠠᠰᠢ ᠪᠠᠨ ᠳᠠᠬᠢᠨ ᠪᠤᠤ ᠦᠵᠡᠭᠦᠯ
837 ᠮᠠᠭᠤ ᠨᠢ ᠮᠠᠭᠤ ᠳ᠋ᠠᠭᠠᠨ ᠵᠠᠩᠵᠤᠨ
ᠮᠤᠨᠠ ᠭᠠᠳᠠᠰᠤᠨ ᠳ᠋ᠠᠭᠠᠨ ᠵᠠᠩᠵᠤᠨ
838 ᠮᠠᠭᠤ ᠰᠠᠨᠠᠭ᠎ᠠ ᠪᠡᠶ᠎ᠡ ᠪᠡᠨ ᠣᠳᠤᠨ᠎ᠠ
ᠮᠤᠢᠬᠤᠷ ᠶᠠᠪᠤᠳᠠᠯ ᠪᠡᠶ᠎ᠡ ᠪᠡᠨ ᠬᠣᠣᠷᠯᠠᠨ᠎ᠠ
839 ᠮᠠᠭᠤ ᠰᠠᠨᠠᠭ᠎ᠠ ᠪᠤᠶᠠᠨ ᠢ᠋ᠶ᠋ᠠᠨ ᠪᠠᠷᠠᠨ᠎ᠠ
ᠮᠤᠯᠭᠤᠤ ᠲᠡᠨᠡᠭ ᠬᠦᠨᠳᠦ ᠪᠡᠨ ᠪᠠᠷᠠᠨ᠎ᠠ
840 ᠮᠠᠭᠤ ᠰᠠᠨᠠᠭᠠᠨ ᠤ᠋ ᠦᠵᠦᠭᠦᠷ ᠲᠦ᠍ ᠴᠢᠰᠤ
ᠰᠠᠢᠨ ᠰᠠᠨᠠᠭᠠᠨ ᠤ᠋ ᠦᠵᠦᠭᠦᠷ ᠲᠦ᠍ ᠲᠣᠰᠣ
841 ᠮᠠᠭᠤ ᠰᠠᠨᠠᠭᠠᠲᠤ ᠴᠢᠬᠢ ᠳᠦᠯᠡᠢ
ᠰᠠᠢᠨ ᠰᠠᠨᠠᠭᠠᠲᠤ ᠨᠢᠳᠦ ᠬᠤᠷᠴᠠ
842 ᠮᠠᠭᠤ ᠤᠬᠢᠶᠠᠬᠤ ᠪᠠᠷ
ᠰᠠᠢᠨ ᠰᠡᠭᠰᠦᠷ
843 ᠮᠠᠭᠤ ᠦᠵᠡᠭᠰᠡᠨ ᠡᠴᠡ
ᠰᠠᠢᠨ ᠰᠣᠨᠣᠰ
844 ᠮᠠᠭᠤ ᠬᠣᠭᠣᠯᠠᠨ ᠠ᠋ᠴᠠ
ᠰᠠᠢᠬᠠᠨ ᠴᠠᠢ ᠳᠡᠭᠡᠷ᠎ᠡ
845 ᠮᠠᠭᠤ ᠬᠥᠮᠦᠨ ᠠᠢᠯ ᠠ᠋ᠴᠠ ᠢᠴᠢᠳᠡᠭ
ᠰᠠᠢᠨ ᠬᠥᠮᠦᠨ ᠦᠭᠡᠨ ᠡᠴᠡ ᠢᠴᠢᠳᠡᠭ
846 ᠮᠠᠭᠤ ᠬᠥᠮᠦᠨ ᠠᠷᠢᠬᠢᠨ ᠳ᠋ᠤ᠌ ᠴᠢᠩᠭᠠᠷᠠᠨ᠎ᠠ
ᠣᠯᠣᠰᠣᠨ ᠳᠡᠭᠡᠰᠦ ᠤᠰᠤᠨ ᠳ᠋ᠤ᠌ ᠴᠢᠩᠭᠠᠷᠠᠨ᠎ᠠ
847 ᠮᠠᠭᠤ ᠬᠥᠮᠦᠨ ᠪᠡᠶ᠎ᠡ ᠪᠡᠨ ᠪᠠᠷᠰ ᠮᠡᠲᠦ ᠰᠠᠨᠠᠨ᠎ᠠ
ᠰᠠᠢᠨ ᠬᠥᠮᠦᠨ ᠪᠡᠶ᠎ᠡ ᠪᠡᠨ ᠮᠡᠰᠡ ᠮᠡᠲᠦ ᠰᠠᠨᠠᠨ᠎ᠠ
848 ᠮᠠᠭᠤ ᠬᠥᠮᠦᠨ ᠢᠳᠡᠭᠰᠡᠨ ᠤᠤᠭᠤᠭᠰᠠᠨ ᠢ᠋ᠶ᠋ᠠᠨ
ᠰᠠᠢᠨ ᠬᠥᠮᠦᠨ ᠶᠠᠪᠤᠭᠰᠠᠨ ᠦᠵᠡᠭᠰᠡᠨ ᠢ᠋ᠶ᠋ᠡᠨ
849 ᠮᠠᠭᠤ ᠬᠥᠮᠦᠨ ᠰᠣᠨᠵᠢᠭᠤᠴᠢ
ᠮᠤᠬᠤᠷ ᠦᠬᠡᠷ ᠰᠡᠵᠢᠭᠡᠴᠢ
850 ᠮᠠᠭᠤ ᠬᠥᠮᠦᠨ ᠦᠭᠡ ᠬᠡᠯᠡ ᠪᠡᠷ ᠢ᠋ᠶ᠋ᠡᠨ ᠲᠤᠰᠠᠯᠠᠬᠤ
ᠰᠠᠢᠨ ᠬᠥᠮᠦᠨ ᠠᠯᠲᠠ ᠮᠥᠩᠭᠥ ᠪᠡᠷ ᠢ᠋ᠶ᠋ᠡᠨ ᠲᠤᠰᠠᠯᠠᠬᠤ
ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ᠂ ᠣᠳᠬᠣᠨᠴᠡᠴᠡᠭ᠂ ᠪᠠᠯ
ᠬᠢᠨᠠᠭᠴᠢ᠄ ᠣᠳᠬᠣᠨᠴᠡᠴᠡᠭ᠂ ᠣᠳᠬᠣᠨ᠂ ᠪᠣᠯᠣᠳ᠂ ᠪᠠᠯ᠂ ᠴᠡᠩᠬᠡᠯᠴᠡᠴᠡᠭ
