ᠵᠢᠷᠦᠬᠡᠨ ᠤ ᠬᠤᠯᠠᠭᠠᠢᠴᠢ – ᠶᠣᠨᠳᠣᠨ ᠤ ᠪᠢᠯᠢᠭ᠌ - ᠪᠠᠭᠠᠲᠤᠷ Зүрхний хулгайч – Ёндоны Билиг - Баатар
ᠵᠢᠷᠦᠬᠡᠨ ᠤ ᠬᠤᠯᠠᠭᠠᠢᠴᠢ
ᠶᠢᠷᠲᠢᠨᠴᠦ ᠣᠷᠴᠢᠯᠠᠩ ᠤᠨ ᠡᠴᠢᠨ᠎ᠡ ᠳᠠᠯᠳᠠ
ᠳᠡᠩᠳᠡᠭᠦᠦ ᠠᠮᠠᠷᠠᠭ ᠢᠷᠠᠭᠤᠬᠠᠨ ᠴᠢ ᠪᠢᠳᠠᠨ
ᠳᠡᠷᠪᠡᠨ ᠳᠤᠷᠠᠯᠠᠨ ᠨᠢᠰᠬᠦᠢ ᠬᠣᠣᠰ ᠪᠤᠶᠤ
ᠰᠠᠨᠰᠠᠷ ᠤᠨ ᠰᠣᠴᠢᠮᠠᠭ ᠲᠡᠯᠡᠯᠲᠡ ᠡᠴᠡ ᠯᠠ
ᠰᠠᠳᠠᠷᠠᠨ ᠰᠠᠴᠤᠷᠠᠩᠬᠠᠨ ᠵᠠᠢᠳᠠᠭᠰᠠᠨ ᠪᠢᠯᠢᠦ
ᠲᠡᠭᠡᠭᠡᠳ ᠯᠠ ᠬᠥᠭᠡᠷᠦᠬᠦᠢ
ᠲᠡᠭᠷᠢ ᠶ᠋ᠢᠨ ᠬᠤᠤᠰ ᠡᠷᠪᠡᠬᠡᠢ
ᠲᠡᠨᠦᠨ ᠡᠷᠢᠨ ᠨᠢᠭᠡ ᠨᠢᠭᠡᠨ ᠢᠶᠡᠨ
ᠳᠡᠪᠴᠢᠶᠡᠷᠢ ᠲᠠᠢᠬᠠᠨ ᠡᠳᠦᠭᠡ ᠪᠣᠯᠪᠠᠢ!
ᠨᠠᠢᠢᠭᠤᠨ ᠬᠠᠢᠭᠤᠨ ᠬᠠᠯᠢᠭᠤᠷᠠᠭᠰᠠᠨ
ᠨᠠᠮᠤᠷ ᠤᠨ ᠨᠢᠭᠡᠨ ᠠᠮᠲᠠᠲᠠᠢ ᠡᠳᠦᠷ
ᠪᠤᠷᠬᠠᠨ ᠪᠠᠭᠰᠢ ᠱᠠᠭᠵᠠᠮᠤᠨᠢ ᠶ᠋ᠢᠨ ᠢᠶᠡᠨ
ᠪᠣᠭᠳᠠ ᠡᠵᠡᠨ ᠴᠢᠩᠬᠢᠰ ᠦᠨ ᠢᠶᠡᠨ
ᠪᠤᠶᠠᠨ ᠭᠡᠰᠢᠭ ᠦᠨ ᠪᠠᠲᠤ ᠵᠦᠩᠨᠡᠯ
ᠪᠤᠴᠠᠰᠢ ᠦᠭᠡᠢ ᠢᠪᠡᠭᠡᠯ ᠢᠶᠡᠷ ᠯᠠ
ᠳᠤᠯᠠᠭᠠᠨ ᠳᠣᠯᠭᠢᠶᠠᠨ ᠤ ᠰᠣᠷᠢᠨᠵᠢᠨ ᠴᠢᠨᠠᠷ
ᠳᠤᠷᠠᠲᠠᠢ ᠨᠣᠴᠢᠲᠠᠢ ᠲᠠᠲᠠᠯᠴᠠᠯ ᠤᠨ ᠬᠠᠤᠯᠢ
ᠡᠷᠭᠡᠰᠢᠶᠡᠭᠳᠡᠰᠢ ᠦᠭᠡᠢ ᠡᠪ ᠪᠠᠷᠢᠯᠳᠤᠯᠭ᠎ᠠ
ᠡᠷᠬᠢᠮᠰᠦᠭ ᠭᠡᠭᠡᠯᠢᠭ ᠵᠠᠶᠠᠭ᠎ᠠ ᠪᠠᠷ ᠯᠠ
ᠠᠯᠢ ᠠᠯᠢᠨ ᠠ᠋ᠴᠠ ᠪᠠᠨ ᠵᠠᠢᠯᠠᠰᠢ ᠦᠭᠡᠢ
ᠠᠵᠠᠲᠠᠢᠬᠠᠨ ᠭᠠᠩᠭᠠᠩ ᠭᠢᠯᠠᠰ ᠤᠴᠠᠷᠠᠪᠠᠢ!
᠁ ᠁ ᠁
ᠮᠡᠬᠦᠰ ᠥᠴᠥᠬᠡᠨ ᠁
ᠮᠢᠨᠦ ᠵᠢᠷᠦᠬᠡ ᠶᠢ! ᠵᠥᠪᠬᠡᠨ ᠲᠠ ᠯᠠ
ᠮᠢᠩᠭ᠎ᠠ ᠲᠠᠷᠨᠢᠳᠠᠩᠬᠠᠨ ᠬᠤᠯᠠᠭᠠᠢᠯᠠᠪᠠ
ᠵᠢᠷᠦᠬᠡ ᠦᠭᠡᠢ ᠪᠣᠯᠣᠭᠰᠠᠨ ᠪᠢ
ᠵᠢᠷᠤᠭ ᠤᠨ ᠯᠠ ᠬᠥᠮᠥᠨ ᠪᠣᠯᠬᠤ ᠨᠢ ᠤᠤ
ᠰᠡᠴᠡᠨ ᠴᠡᠯᠮᠡᠭ ᠭᠤᠪᠠᠢᠬᠠᠨ ᠰᠢᠪᠠᠭᠤᠬᠠᠢ ᠮᠢᠨᠢ
ᠰᠡᠳᠬᠢᠯ ᠰᠡᠳᠬᠢᠬᠦᠢ ᠶᠢᠨ ᠵᠠᠯᠠᠭᠤ ᠨᠠᠷᠠᠨ ᠮᠢᠨᠢ
ᠬᠢᠶᠠᠳ ᠪᠣᠷᠵᠢᠭᠢᠨ ᠣᠪᠣᠭᠲᠠᠨ ᠤ ᠮᠢᠨᠢ
ᠬᠢᠴᠢᠶᠡᠩᠭᠦᠢ ᠨᠢᠭᠦᠯᠡᠰᠦᠩᠭᠦᠢ ᠭᠥᠩᠵᠦ ᠮᠢᠨᠢ
ᠬᠠᠰ ᠰᠠᠪᠬᠠᠨ ᠬᠤᠷᠤᠭᠤᠨ ᠤ ᠲᠠᠨᠢ
ᠬᠠᠨᠤᠰᠢ ᠦᠭᠡᠢ ᠮᠡᠳᠡᠷᠡᠮᠵᠢ ᠡᠷᠴᠢᠮ
ᠬᠠᠯᠠᠭᠤᠨ ᠢᠩᠲᠤᠤᠷ ᠤᠷᠤᠭᠤᠯ ᠤᠨ ᠲᠠᠨᠢ
ᠬᠠᠢᠯᠠᠭᠤᠯᠤᠨ ᠬᠠᠢᠴᠢᠯᠠᠬᠤᠢ ᠦᠨᠦᠷ ᠠᠮᠲᠠ
ᠬᠠᠮᠤᠭ ᠬᠣᠷᠸ᠎ᠠ ᠶᠢ ᠳᠠᠰᠤ ᠮᠠᠷᠲᠠᠭᠤᠯᠤᠨ!
ᠬᠠᠯᠢᠨ ᠳᠡᠭ᠍ᠳᠡᠭᠦᠯᠦᠨ ᠡᠭᠦᠯᠡᠨ᠎ᠡ
ᠱᠤᠩᠪᠠᠭᠤᠯᠤᠨ ᠮᠠᠩᠰᠢᠭᠤᠷᠠᠭᠤᠯᠤᠩᠬᠠᠨ
ᠱᠠᠯ ᠵᠥᠭᠡᠯᠡᠨ ᠳᠡᠷᠡ ᠶᠢᠨ ᠰᠠᠯᠬᠢᠨ ᠳᠤ
ᠢᠨᠵᠠᠭᠠᠨ ᠵᠦᠰᠡ ᠭᠥᠰᠢᠭᠡᠯᠡᠭᠡᠳ
ᠢᠨᠠᠭᠴᠠᠬᠤᠢ ᠶᠢᠨ ᠬᠥᠭᠵᠢᠮ ᠬᠠᠩᠭᠢᠨᠠᠭᠤᠯᠪᠠᠢ!
ᠠᠶ᠎ᠠ! ᠶᠠᠭᠤᠲᠠᠢ ᠯᠤᠲᠤ ᠵᠢᠷᠭᠠᠯᠠᠩ
ᠠᠶ᠎ᠠ! ᠶᠠᠭᠤᠲᠠᠢ ᠲᠣᠳᠣ ᠦᠵᠡᠰᠭᠦᠯᠡᠩ
᠁ ᠪᠢ ᠴᠣᠬᠣᠮ ᠬᠠᠮᠢᠭ᠎ᠠ ᠣᠷᠣᠰᠢᠨᠠᠮ ᠪᠣᠢ
᠁ ᠪᠢᠯᠢᠭ ᠣᠶᠣᠨ ᠬᠠᠮᠢᠭ᠎ᠠ ᠬᠡᠢᠰᠨᠡᠮ ᠪᠣᠢ
᠁ ᠴᠠᠭᠠᠨ ᠶᠠᠭᠠᠨ ᠮᠠᠨᠳᠠᠷᠸ᠎ᠠ ᠴᠣᠬᠣᠮ
᠁ ᠶᠠᠭᠤᠨ ᠳ᠋ᠤᠷ ᠢᠯᠴᠢᠲᠡᠢ ᠳᠡᠯᠭᠡᠷᠡᠨᠡᠮ
ᠲᠣᠷᠭᠠᠨ ᠨᠣᠢᠲᠠᠨ ᠳᠡᠯᠪᠡᠭᠡᠨ ᠳᠡᠭᠡᠷ᠎ᠡ ᠨᠢ
ᠲᠦᠮᠡᠨ ᠰᠠᠶ᠎ᠠ ᠰᠢᠭᠦᠳᠡᠷᠢ ᠰᠠᠴᠤᠷᠠᠨᠠᠮ ᠵᠧ
ᠮᠥᠩᠭᠦᠨ ᠰᠢᠭᠦᠳᠡᠷᠢ ᠶᠢᠨ ᠮᠥᠬᠥᠯᠢᠭ ᠲᠦ
ᠮᠥᠩᠬᠡ ᠶᠢᠨ ᠰᠦᠨᠡᠰᠦᠨ ᠠᠮᠤᠭᠤᠯᠠᠩ
2024᠂08᠂22᠃ 17᠄33 ᠮᠢᠨᠦ᠋ᠲ᠃
ᠬᠥᠬᠡᠬᠣᠲᠠᠨ᠎ᠠ ᠲᠤᠩᠭᠠᠯᠠᠭ ᠪᠦᠲᠦᠭᠡᠪᠡᠢ᠃
