ᠨᠠᠮᠤᠷ ᠤ᠋ᠨ ᠥᠩᠭᠡ -ᠭᠡᠷᠡᠯᠲᠦНамрын өнгө-Гэрэлт Namryn öngö
ᠨᠠᠮᠤᠷ ᠤ᠋ᠨ ᠥᠩᠭᠡ
ᠦᠭᠡ᠄ ᠣ· ᠴᠡᠷᠡᠨᠳᠠᠨᠳᠠᠪ
ᠠᠶ᠎ᠠ᠄ ᠯ· ᠮᠦᠷᠳᠣᠷᠵᠢ
ᠳᠠᠭᠤᠴᠢᠨ᠄ ᠭᠡᠷᠡᠯᠲᠦ
ᠭᠠᠯᠠᠭᠤᠨ ᠴᠤᠪᠤᠭ᠎ᠠ ᠬᠦᠪᠦᠷᠡᠭᠰᠡᠨ
ᠭᠣᠣᠯ ᠤ᠋ᠨ ᠤᠰᠤ ᠨᠢ ᠮᠡᠯᠲᠡᠭᠡᠨᠡᠭᠰᠡᠨ
ᠭᠠᠩᠭᠠᠩ ᠪᠠᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠤᠮ
ᠭᠠᠩᠭᠠᠩ ᠪᠠᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠤᠮ
ᠠᠮᠤ ᠲᠠᠷᠢᠶ᠎ᠠ ᠨᠠᠢᠭᠤᠭᠰᠠᠨ
ᠠᠷᠪᠢᠨ ᠰᠦᠷᠦᠭ ᠨᠠᠯᠠᠢᠭᠰᠠᠨ
ᠠᠢᠷᠠᠭ ᠤ᠋ᠨ ᠠᠮᠲᠠ ᠴᠡᠮᠴᠡᠭᠡᠨᠡᠭᠰᠡᠨ
ᠠᠯᠲᠠᠨ ᠨᠠᠮᠤᠷ ᠤ᠋ᠨ ᠰᠢᠮ᠎ᠡ ᠶᠤᠮ
ᠠᠢᠷᠠᠭ ᠤ᠋ᠨ ᠠᠮᠲᠠ ᠴᠡᠮᠴᠡᠭᠡᠨᠡᠭᠰᠡᠨ
ᠠᠯᠲᠠᠨ ᠨᠠᠮᠤᠷ ᠤ᠋ᠨ ᠰᠢᠮ᠎ᠡ ᠶᠤᠮ
ᠤᠷᠭᠤᠬᠤ ᠨᠠᠷᠠᠨ ᠲᠥᠭᠡᠨᠡᠭᠰᠡᠨ
ᠤᠰᠤᠨ ᠤ᠋ ᠰᠢᠪᠠᠭᠤᠳ ᠭᠠᠩᠭᠠᠨᠠᠭᠰᠠᠨ
ᠤᠶᠠᠩᠭᠠᠲᠤ ᠰᠡᠳᠬᠢᠯ ᠡᠭᠡᠰᠢᠭᠯᠡᠭᠰᠡᠨ
ᠠᠭᠤᠳᠠᠮ ᠨᠤᠲᠤᠭ ᠤ᠋ᠨ ᠮᠢᠨᠢ ᠨᠠᠮᠤᠷ ᠶᠤᠮ
ᠤᠶᠠᠩᠭᠠᠲᠤ ᠰᠡᠳᠬᠢᠯ ᠡᠭᠡᠰᠢᠭᠯᠡᠭᠰᠡᠨ
ᠠᠭᠤᠳᠠᠮ ᠨᠤᠲᠤᠭ ᠤ᠋ᠨ ᠮᠢᠨᠢ ᠨᠠᠮᠤᠷ ᠶᠤᠮ
ᠭᠠᠩᠭᠠᠩ ᠪᠠᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠤᠮ
ᠦᠰᠦᠭ ᠠᠮᠢᠯᠠᠭᠤᠯᠤᠨ ᠬᠠᠲᠠᠭᠰᠠᠨ ᠨᠢ᠄ ᠨᠣᠮᠢᠨ
ᠬᠢᠨᠠᠭᠴᠢ᠄ ᠳᠡᠭᠵᠢᠨ
