ᠢᠨᠵᠠᠭ᠎ᠠ-ᠱᠠᠷᠠᠪ ᠤ᠋ᠨ ᠡᠩᠬᠡᠪᠠᠶᠠᠷ Янзага-Шаравын Энхбаяр
ᠱᠠᠷᠠᠪ ᠤ᠋ᠨ ᠡᠩᠬᠡᠪᠠᠶᠠᠷ
ᠣᠷᠣᠢ ᠵᠡᠭᠡᠷ᠎ᠡ ᠶ᠋ᠢᠨ ᠢᠨᠵᠠᠭ᠎ᠠ
ᠳᠡᠷᠡᠰᠦᠨ ᠳ᠋ᠦ᠍ ᠬᠡᠪᠲᠡᠨ᠎ᠡ᠂
ᠬᠡᠭᠡᠷ᠎ᠡ ᠶ᠋ᠢᠨ ᠰᠠᠯᠬᠢᠨ ᠳ᠋ᠤ᠌
ᠣᠷᠣᠭ᠎ᠠ ᠢᠨᠵᠠᠭ᠎ᠠ ᠶ᠋ᠢ
ᠣᠭᠣᠰᠣᠷᠯᠠᠵᠤ ᠪᠠᠷᠢᠬᠤ ᠤᠤ?
ᠣᠷᠣᠢ ᠭᠡᠷ ᠲᠡᠭᠡᠨ
ᠠᠪᠤᠭᠠᠳ ᠬᠠᠷᠢᠬᠤ ᠤᠤ?
ᠬᠥᠮᠦᠨ ᠲᠡᠢ ᠳᠠᠰᠤᠭᠠᠳ
ᠨᠣᠮᠣᠬᠠᠷᠠᠬᠤ ᠪᠣᠯᠪᠠ ᠤᠤ?
ᠬᠤᠷᠠᠭ᠎ᠠ ᠢᠰᠢᠭᠡ ᠲᠡᠢ
ᠲᠣᠭᠯᠠᠬᠤ ᠪᠣᠯᠪᠠ ᠤᠤ?
ᠠᠯᠢ ᠡᠰᠡᠬᠦᠯ᠎ᠡ ᠥᠨᠥᠴᠢᠷᠡᠬᠦ ᠪᠣᠯᠪᠠ ᠤᠤ?
ᠠᠪᠤ ᠡᠵᠢ ᠪᠡᠨ
ᠰᠠᠨᠠᠬᠤ ᠪᠣᠯᠪᠠ ᠤᠤ?
ᠣᠷᠣᠭ᠎ᠠ ᠢᠨᠵᠠᠭ᠎ᠠ ᠶ᠋ᠢ
ᠪᠠᠷᠢᠬᠤ ᠪᠠᠨ ᠪᠣᠯᠢᠢ ᠳᠠ!
ᠣᠷᠣᠢ ᠭᠡᠷ ᠲᠡᠭᠡᠨ
ᠠᠪᠠᠴᠢᠬᠤ ᠪᠠᠨ ᠪᠠᠢᠶ᠎ᠠ ᠳᠠ!
ᠡᠵᠢ ᠳ᠋ᠡᠭᠡᠨ ᠲᠡᠷᠡ
ᠡᠷᠬᠡᠯᠡᠵᠦ ᠯᠡ ᠪᠠᠢᠭ!
ᠢᠵᠢᠢ ᠲᠡᠢ ᠪᠡᠨ ᠲᠡᠭᠡᠭᠡᠳ
ᠲᠣᠭᠯᠠᠵᠤ ᠯᠠ ᠶᠠᠪᠤᠭ!
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ᠄ ᠣᠳᠬᠠᠨᠰᠣ᠎ᠠ
