ᠰᠣᠯᠢᠨ ᠬᠡᠭᠡᠷ-ᠪ ᠡᠩᠬᠡᠵᠢᠷᠭᠠᠯСулин хээр-Б Энхжаргал
ᠰᠣᠯᠢᠨ ᠬᠡᠭᠡᠷ
ᠦᠭᠡ᠄ ᠱ· ᠪᠠᠳᠢᠷᠴᠢ (ᠳ· ᠨᠠᠴᠤᠭᠳᠣᠷᠵᠢ ᠶ᠋ᠢᠨ ᠨᠡᠷᠡᠮᠵᠢᠲᠦ)
ᠠᠶ᠎ᠠ᠄ ᠨ· ᠶᠠᠩᠬᠢᠭ (ᠮᠣᠩᠭᠣᠯ ᠤᠯᠤᠰ ᠤ᠋ᠨ ᠰᠣᠶᠣᠯ ᠤ᠋ᠨ ᠲᠡᠷᠢᠭᠦᠨ ᠦ᠌ ᠠᠵᠢᠯᠲᠠᠨ
ᠳᠠᠭᠤᠴᠢᠨ᠄ ᠤ᠋· ᠡᠩᠬᠡᠵᠢᠷᠭᠠᠯ (ᠮᠣᠩᠭᠣᠯ ᠤᠯᠤᠰ ᠤ᠋ᠨ ᠰᠣᠶᠣᠯ ᠤ᠋ᠨ ᠲᠡᠷᠢᠭᠦᠨ ᠦ᠌ ᠠᠵᠢᠯᠲᠠᠨ)
ᠠᠪᠤ ᠶ᠋ᠢᠨ ᠬᠦᠦ ᠶ᠋ᠢᠨ ᠠᠯᠲᠠᠨ ᠳᠠᠭᠤᠤ ᠲᠠᠢ
ᠠᠭᠲᠠ ᠶ᠋ᠢᠨ ᠮᠠᠩᠯᠠᠢ ᠰᠣᠯᠢᠨ ᠬᠡᠭᠡᠷ ᠮᠢᠨᠢ
ᠲᠩᠷᠢ ᠶ᠋ᠢᠨ ᠣᠳᠣᠨ ᠤ᠋ ᠴᠣᠯᠮᠣᠨ ᠰᠢᠭ᠋ ᠣᠨᠴᠠᠭᠠᠢ
ᠲᠡᠩᠬᠡᠭᠡᠲᠦ ᠬᠤᠷᠳᠤᠨ ᠳᠡᠯᠡᠮᠡᠨ ᠵᠢᠷᠣᠭ᠎ᠠ
ᠠᠢ ᠬᠦ ᠁ ᠰᠣᠯᠢᠨ ᠬᠡᠭᠡᠷ ᠮᠢᠨᠢ
ᠵᠧ ᠬᠦ ᠁ ᠰᠤᠮᠤᠨ ᠬᠠᠲᠠᠷᠢᠶ᠎ᠠ ᠲᠠᠢ
ᠠᠷᠠᠳ ᠤ᠋ᠨ ᠨᠠᠭᠠᠳᠤᠮ ᠤ᠋ᠨ ᠲᠡᠷᠢᠭᠦᠨ ᠮᠠᠩᠯᠠᠢ
ᠠᠷᠠᠳ ᠤ᠋ᠨ ᠳᠣᠮᠣᠭ ᠤ᠋ᠨ ᠰᠣᠯᠢᠨ ᠬᠡᠭᠡᠷ ᠮᠢᠨᠢ
ᠡᠴᠢᠭᠡ ᠶ᠋ᠢᠨ ᠪᠤᠶᠠᠨ ᠰᠦᠷᠦᠭ ᠦ᠋ᠨ ᠮᠠᠩᠯᠠᠢ
ᠡᠷᠡᠮᠡᠬᠡᠢ ᠬᠤᠷᠳᠤᠨ ᠰᠣᠯᠢᠨ ᠬᠡᠭᠡᠷ ᠠ᠋!
ᠠᠢ ᠬᠦ᠁ ᠰᠣᠯᠢᠨ ᠬᠡᠭᠡᠷ ᠮᠢᠨᠢ
ᠵᠧ ᠬᠦ ᠁ ᠰᠤᠮᠤᠨ ᠬᠠᠲᠠᠷᠢᠶ᠎ᠠ ᠲᠠᠢ
ᠲᠥᠷᠥ ᠶ᠋ᠢᠨ ᠨᠠᠭᠠᠳᠤᠮ ᠤ᠋ᠨ ᠲᠡᠷᠢᠭᠦᠨ ᠮᠠᠩᠯᠠᠢ
ᠲᠦᠮᠡᠨ ᠦ᠌ ᠣᠬᠢ ᠰᠣᠯᠢᠨ ᠬᠡᠭᠡᠷ ᠮᠢᠨᠢ
ᠲᠣᠷᠭᠠᠨ ᠵᠢᠯᠣᠭᠣ ᠪᠠᠨ ᠲᠣᠭᠣᠰᠣᠨ ᠳᠡᠭᠡᠭᠦᠷ
ᠲᠣᠩᠭᠣᠷᠤᠭᠠᠳ ᠳᠠᠪᠬᠢᠳᠠᠭ ᠰᠣᠯᠢᠨ ᠬᠡᠭᠡᠷ
ᠠᠢ ᠬᠦ᠁ ᠰᠣᠯᠢᠨ ᠬᠡᠭᠡᠷ ᠮᠢᠨᠢ
ᠵᠧ ᠬᠦ ᠁ ᠰᠤᠮᠤᠨ ᠬᠠᠲᠠᠷᠢᠶ᠎ᠠ ᠲᠠᠢ
ᠬᠣᠯᠠ ᠠ᠋ᠴᠠ ᠰᠤᠩᠭᠠᠨ ᠬᠠᠲᠠᠷᠢᠨ ᠪᠥᠮᠪᠥᠷᠢᠭᠡᠳ
ᠬᠠᠷᠠᠬᠤ ᠳ᠋ᠤ᠌ ᠰᠣᠳᠣᠨ ᠰᠣᠯᠢᠨ ᠬᠡᠭᠡᠷ ᠮᠢᠨᠢ
ᠡᠵᠡᠨᠲᠦ ᠲᠥᠷᠥ ᠶ᠋ᠢᠨ ᠲᠡᠷᠢᠭᠦᠨ ᠮᠠᠩᠯᠠᠢ
ᠡᠵᠡᠨ ᠢ᠋ᠶ᠋ᠡᠨ ᠤᠷᠢᠭᠰᠠᠨ ᠰᠣᠯᠢᠨ ᠬᠡᠭᠡᠷ ᠮᠢᠨᠢ
ᠠᠢ ᠬᠦ᠁ᠰᠣᠯᠢᠨ ᠬᠡᠭᠡᠷ ᠮᠢᠨᠢ
ᠵᠧ ᠬᠦ ᠁ ᠰᠤᠮᠤᠨ ᠬᠠᠲᠠᠷᠢᠶ᠎ᠠ ᠲᠠᠢ
ᠠᠢ ᠬᠦ᠁ ᠰᠣᠯᠢᠨ ᠬᠡᠭᠡᠷ ᠮᠢᠨᠢ
ᠵᠧ ᠬᠦ ᠁ ᠰᠤᠮᠤᠨ ᠬᠠᠲᠠᠷᠢᠶ᠎ᠠ ᠲᠠᠢ
ᠮᠣᠩᠭᠣᠯ ᠦᠰᠦᠭ ᠬᠠᠲᠠᠭᠴᠢ᠄ ᠵᠡᠷᠮᠦᠳ ᠸ· ᠥᠯᠵᠡᠢ
ᠦᠰᠦᠭ ᠬᠢᠨᠠᠭᠴᠢ᠄ ᠨᠠᠷᠠᠨᠮᠠᠨᠳᠠ᠂ ᠴᠠᠬᠠᠷ ᠪᠠᠲᠤ᠂ ᠠ᠊· ᠰᠠᠷᠠᠨᠭᠡᠷᠡᠯ᠂ ᠬᠠᠲᠠᠴᠢ · ᠤᠷᠠᠨ᠎ᠠ
