ᠭᠠᠢᠬᠠᠮᠰᠢᠭᠲᠤ ᠮᠣᠩᠭᠣᠯ ᠬᠡᠯᠡ -ᠳ ᠪᠠᠭᠠᠲᠤᠷГайхамшигт монгол хэл-Д БаатарGaikhamshigt mongol khel ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠢᠬᠠᠮᠰᠢᠭᠲᠤ ᠮᠣᠩᠭᠣᠯ ᠬᠡᠯᠡ -ᠳ ᠪᠠᠭᠠᠲᠤᠷГайхамшигт монгол хэл-Д БаатарGaikhamshigt mongol khel

ᠭᠠᠢᠬᠠᠮᠰᠢᠭᠲᠤ ᠮᠣᠩᠭᠣᠯ ᠬᠡᠯᠡ -ᠳ ᠪᠠᠭᠠᠲᠤᠷГайхамшигт монгол хэл-Д БаатарGaikhamshigt mongol khel

2024-08-23

1119

             ᠳ· ᠪᠠᠭᠠᠲᠤᠷ 
ᠤᠯᠠᠭᠠᠨ ᠨᠢᠯᠬ᠎ᠠ ᠠ᠋ᠴᠠ ᠪᠠᠨ 
ᠠᠪᠤᠭᠠᠳ ᠰᠣᠨᠣᠰᠴᠤ ᠳᠠᠰᠤᠭᠰᠠᠨ ᠬᠡᠯᠡ ᠮᠢᠨᠢ 
ᠤᠬᠠᠭ᠎ᠠ ᠲᠥᠬᠥᠭᠡ ᠣᠷᠣᠩᠭᠤᠲᠠ ᠨᠢᠳᠦᠯᠡᠵᠦ ᠤᠩᠰᠢᠭᠰᠠᠨ ᠪᠢᠴᠢᠭ ᠮᠢᠨᠢ 
ᠤᠷᠭᠤᠬᠤ ᠨᠠᠷᠠᠨ  ᠤ᠋ ᠭᠠᠷᠠᠭ ᠲᠤ《ᠨᠢᠭᠤᠴᠠ ᠲᠣᠪᠴᠢᠶᠠᠨ》 ᠬᠣᠴᠣᠷᠭᠠᠭᠰᠠᠨ 
ᠤᠴᠢᠷ ᠨᠢᠭᠤᠴᠠᠭᠠᠢ ᠲᠡᠦᠬᠡ ᠲᠡᠢ ᠭᠠᠢᠬᠠᠮᠰᠢᠭᠲᠤ ᠮᠣᠩᠭᠣᠯ ᠰᠣᠶᠣᠯ ᠮᠢᠨᠢ 

ᠠᠽᠢᠶ᠎ᠠ ᠶ᠋ᠢᠨ ᠣᠯᠠᠨ ᠨᠡᠭᠦᠳᠡᠯᠴᠢᠨ ᠡᠴᠡ ᠣᠢ ᠪᠢᠯᠢᠭ ᠢ᠋ᠶ᠋ᠡᠷ ᠢ᠋ᠶ᠋ᠡᠨ ᠲᠣᠳᠣᠷᠠᠵᠤ 
ᠠᠷᠪᠠᠨ ᠭᠤᠷᠪᠠᠳᠤᠭᠠᠷ ᠵᠠᠭᠤᠨ ᠲᠠᠢ ᠱᠠᠰᠲᠢᠷ  ᠲᠤ᠌ ᠮᠥᠩᠬᠡᠷᠡᠭᠰᠡᠨ ᠲᠡᠦᠬᠡ ᠮᠢᠨᠢ 
ᠠᠪᠤᠷᠭᠤ ᠳᠡᠯᠡᠬᠡᠢ ᠶ᠋ᠢᠨ ᠨᠢᠷᠤᠭᠤᠨ ᠳᠡᠭᠡᠷ᠎ᠡ ᠡᠵᠡᠨᠲᠦ ᠭᠦᠷᠦᠨ ᠢ᠋ᠶ᠋ᠡᠨ ᠴᠣᠭᠴᠠᠯᠠᠵᠤ 
ᠠᠯᠲᠠᠨ ᠫᠠᠢᠵᠠ ᠲᠠᠢ ᠵᠠᠷᠯᠢᠭ ᠢ᠋ᠶ᠋ᠠᠷ ᠲᠣᠢᠭᠲᠠᠨ ᠢ᠋ ᠰᠥᠭᠥᠳᠬᠡᠭᠰᠡᠨ ᠠᠯᠳᠠᠷ ᠮᠢᠨᠢ 
ᠠᠭᠤᠳᠠᠮ ᠰᠠᠨᠰᠠᠷ ᠤ᠋ᠨ ᠭᠦᠨ ᠳ᠋ᠦ᠍ ᠡᠬᠡᠰᠢᠭ ᠨᠢ ᠴᠤᠤᠷᠢᠶᠠᠳᠠᠭᠰᠠᠨ ᠬᠡᠯᠡ ᠮᠢᠨᠢ 

ᠤᠷᠠᠨ ᠰᠠᠨᠠᠭᠠᠨ ᠤ᠋ ᠣᠷᠴᠢᠯᠠᠩ ᠳ᠋ᠤ᠌ ᠴᠠᠴᠤᠯᠭ᠎ᠠ ᠨᠢ ᠨᠠᠮᠢᠷᠠᠭᠰᠠᠨ ᠦᠰᠦᠭ ᠮᠢᠨᠢ
ᠤᠶᠠᠩᠭ᠎ᠠ ᠨᠠᠢᠷᠠᠭ ᠤ᠋ᠨ ᠶᠢᠷᠲᠢᠨᠴᠦ ᠳ᠋ᠦ᠍ 《ᠭᠡᠰᠡᠷ》᠂《ᠵᠠᠩᠭᠠᠷ》 ᠬᠠᠢᠯᠠᠭᠰᠠᠨ
ᠤᠳᠬ᠎ᠠ ᠭᠦᠢᠴᠡᠳ ᠠᠶᠠᠯᠭᠤ ᠲᠠᠢ ᠭᠠᠢᠬᠠᠮᠰᠢᠭᠲᠤ ᠮᠣᠩᠭᠣᠯ ᠬᠡᠯᠡ ᠮᠢᠨᠢ
ᠬᠣᠯᠠ ᠶ᠋ᠢᠨ ᠲᠡᠷᠲᠡᠭᠡᠬᠢ ᠡᠷᠢᠨ ᠡᠴᠡ ᠰᠢᠳᠤᠷᠭᠤ ᠠᠷᠠᠨᠰᠢᠨ ᠢ᠋ᠶ᠋ᠠᠷ ᠢ᠋ᠶ᠋ᠠᠨ ᠢᠯᠭᠠᠷᠠᠵᠤ
ᠬᠣᠷᠢᠨ ᠨᠢᠭᠡᠳᠦᠭᠡᠷ ᠵᠠᠭᠤᠨ ᠳ᠋ᠤ᠌ ᠮᠣᠷᠢ ᠲᠠᠢ ᠪᠠᠨ ᠡᠷᠭᠦᠭᠰᠡᠨ ᠲᠤᠭ ᠮᠢᠨᠢ
ᠬᠣᠷᠸ᠎ᠠ ᠶ᠋ᠢᠨ ᠰᠡᠭᠡᠷ ᠨᠢᠷᠤᠭᠤᠨ ᠳᠡᠭᠡᠷ᠎ᠡ ᠤᠷᠲᠤ ᠶ᠋ᠢᠨ ᠳᠠᠭᠤᠤ ᠪᠠᠨ ᠬᠠᠩᠭᠢᠨᠠᠭᠤᠯᠵᠤ
ᠬᠣᠵᠢᠮ ᠮᠠᠷᠭᠠᠰᠢ ᠬᠡᠵᠢᠶ᠎ᠡ ᠴᠦ᠍ ᠪᠣᠯᠤᠭᠰᠠᠨ ᠪᠣᠰᠤᠭ᠎ᠠ ᠪᠢᠴᠢᠭᠳᠡᠬᠦ ᠨᠡᠷ᠎ᠡ ᠮᠢᠨᠢ

ᠪᠤᠭᠤᠷᠤᠯ ᠠᠯᠲᠠᠢ ᠶ᠋ᠢᠨ ᠪᠠᠯ ᠳ᠋ᠤ᠌ ᠲᠠᠲᠠᠲᠤᠩᠭ᠎ᠠ ᠰᠠᠢᠳ ᠤ᠋ᠨ ᠡᠪᠦᠷ ᠡᠴᠡ
ᠪᠤᠷᠬᠠᠨ ᠲᠩᠷᠢ ᠶ᠋ᠢᠨ ᠬᠠᠢᠷᠠᠯᠠᠭᠰᠠᠨ ᠮᠥᠩᠭᠥᠨ ᠪᠠᠷᠢᠭᠤᠯ ᠲᠠᠢ ᠲᠠᠮᠠᠭ᠎ᠠ
ᠬᠠᠭᠠᠨ ᠴᠢᠩᠭᠢᠰ ᠦ᠋ᠨ ᠰᠣᠶᠣᠷᠬᠠᠯ ᠢ᠋ᠶ᠋ᠠᠷ ᠣᠷᠣᠢ ᠶ᠋ᠢᠨ ᠲᠡᠷᠢᠭᠦᠨ ᠳ᠋ᠦ᠍ ᠬᠦᠨᠳᠦᠯᠡᠭᠳᠡᠵᠦ
ᠬᠠᠮᠤᠭ ᠮᠣᠩᠭᠣᠯ ᠳ᠋ᠤ᠌ ᠲᠠᠷᠬᠠᠭᠰᠠᠨ ᠤᠷᠲᠤ ᠨᠠᠰᠤᠲᠤ ᠬᠤᠳᠤᠮ ᠦᠰᠦᠭ
ᠴᠠᠰᠤᠲᠤ ᠶ᠋ᠢᠨ ᠣᠷᠣᠨ ᠤ᠋ ᠰᠤᠳᠤᠷ ᠠ᠋ᠴᠠ ᠫᠠᠭᠪᠠ ᠯᠠᠮᠠ ᠶ᠋ᠢᠨ ᠤᠯᠠᠷᠢᠭᠤᠯᠤᠭᠰᠠᠨ
ᠴᠠᠭᠠᠵᠠ ᠵᠠᠷᠯᠢᠭ ᠶᠤᠸᠠᠨ ᠭᠦᠷᠦᠨ ᠦ᠌ ᠳᠥᠷᠪᠡᠯᠵᠢᠨ ᠦᠰᠦᠭ
ᠠᠷᠤ ᠡᠩᠭᠡᠷ ᠢ᠋ ᠵᠠᠭᠠᠭᠯᠠᠭᠰᠠᠨ ᠴᠠᠭᠠᠨ ᠬᠡᠷᠡᠮ ᠦ᠋ᠨ ᠢᠷᠣᠭᠠᠷ ᠠ᠋ᠴᠠ
ᠠᠶᠤᠰᠢ ᠭᠦᠦᠰᠢ ᠶ᠋ᠢᠨ ᠵᠣᠬᠢᠶᠠᠭᠰᠠᠨ ᠰᠤᠳᠤᠷ ᠪᠢᠴᠢᠭ ᠦ᠋ᠨ ᠠᠯᠢ ᠭᠠᠯᠢ ᠦᠰᠦᠭ
ᠵᠠᠬ᠎ᠠ ᠬᠥᠪᠡᠭᠡ ᠨᠢ ᠮᠠᠨᠠᠨᠲᠤᠭᠰᠠᠨ ᠬᠥᠬᠡ ᠨᠠᠭᠤᠷ ᠤ᠋ᠨ ᠬᠢᠵᠠᠭᠠᠷ ᠠ᠋ᠴᠠ
ᠵᠠᠶ᠎ᠠ ᠪᠠᠨᠳᠢᠳᠠ ᠶ᠋ᠢᠨ ᠲᠤᠭᠤᠷᠪᠢᠭᠰᠠᠨ ᠳᠥᠷᠪᠡᠨ ᠣᠢᠷᠠᠳ ᠤ᠋ᠨ ᠲᠣᠳᠣ ᠦᠰᠦᠭ
ᠥᠭᠯᠢᠭᠡ ᠪᠤᠶᠠᠨ ᠤ᠋ ᠰᠢᠳᠢ ᠶ᠋ᠢ ᠬᠠᠯᠬ᠎ᠠ ᠶ᠋ᠢᠨ ᠬᠠᠪᠲᠠᠭᠠᠢ ᠳ᠋ᠤ᠌ ᠰᠠᠴᠤᠷᠠᠭᠤᠯᠤᠭᠰᠠᠨ
ᠥᠨᠳᠥᠷ ᠭᠡᠭᠡᠨ ᠵᠠᠨᠠᠪᠠᠽᠠᠷ ᠤ᠋ᠨ ᠨᠣᠮ ᠤ᠋ᠨ ᠭᠡᠷᠡᠯᠲᠦ ᠰᠣᠶᠣᠩᠪᠣ ᠦᠰᠦᠭ
ᠴᠡᠩᠬᠡᠷ ᠪᠠᠢᠭᠠᠯ ᠤ᠋ᠨ ᠪᠣᠷᠭᠢᠶᠠᠨ ᠠ᠋ᠴᠠ ᠤᠳᠬ᠎ᠠ ᠶ᠋ᠢᠨ ᠰᠢᠳᠢ ᠶ᠋ᠢ ᠬᠦᠷᠲᠡᠵᠦ
ᠴᠡᠴᠡᠨ ᠮᠡᠷᠭᠡᠳ ᠦ᠋ᠨ ᠵᠣᠬᠢᠶᠠᠭᠰᠠᠨ ᠬᠣᠷᠢ ᠪᠤᠷᠢᠶᠠᠳ ᠤ᠋ᠨ ᠸᠠᠭᠢᠨᠳᠠᠷ᠎ᠠ ᠦᠰᠦᠭ
ᠬᠤᠪᠢᠰᠬᠠᠯᠲᠤ ᠮᠣᠩᠭᠣᠯ ᠤ᠋ᠨ ᠡᠷᠳᠡᠮᠲᠡᠨ ᠳᠠᠮᠳᠢᠨᠰᠦ᠋ᠷᠦᠩ ᠦ᠋ᠨ ᠪᠢᠷ ᠢ᠋ᠶ᠋ᠡᠷ
ᠬᠣᠷᠢᠳᠤᠭᠠᠷ ᠵᠠᠭᠤᠨ ᠢ᠋ ᠮᠢᠯᠢᠶᠠᠭᠰᠠᠨ ᠰᠸᠯᠸ ᠪᠢᠴᠢᠯᠭᠡ ᠶ᠋ᠢᠨ ᠺᠢᠷᠢᠯ ᠦᠰᠦᠭ

ᠳᠣᠯᠣᠭᠠᠬᠠᠨ ᠡᠬᠡᠰᠢᠭ ᠡᠴᠡ ᠪᠦᠲᠦᠭᠰᠡᠨ ᠢᠷᠠᠭᠤ ᠰᠠᠢᠬᠠᠨ ᠬᠡᠯᠡ ᠪᠡᠨ
ᠳᠣᠯᠣᠭᠠᠬᠠᠨ ᠨᠣᠲ ᠢ᠋ᠶ᠋ᠠᠷ ᠲᠡᠮᠳᠡᠭᠯᠡᠳᠡᠭ ᠳᠠᠭᠤᠤ ᠪᠣᠯᠭᠠᠯ ᠦᠭᠡᠢ ᠶᠠᠭᠠᠬᠢᠬᠤᠪ
ᠳᠣᠯᠣᠭᠠᠬᠠᠨ ᠡᠭᠡᠰᠢᠭ ᠢ᠋ ᠤᠯᠠᠷᠢᠭᠤᠯᠤᠭᠰᠠᠨ ᠪᠠᠶᠠᠨ ᠲᠠᠩᠰᠤᠭ ᠪᠢᠴᠢᠭ ᠢ᠋ᠶ᠋ᠡᠨ
ᠳᠣᠯᠣᠭᠠᠨ ᠳᠣᠯᠣᠭ᠎ᠠ ᠳᠥᠴᠢ ᠶᠢᠰᠦ ᠪᠦᠭᠦᠳᠡᠭᠡᠷ ᠳᠠᠭᠤᠯᠠᠯ ᠦᠭᠡᠢ ᠶᠠᠭᠠᠬᠢᠬᠤᠪ
ᠳᠣᠯᠣᠭᠠᠨ ᠳᠣᠯᠣᠭ᠎ᠠ ᠶ᠋ᠢᠨ ᠪᠡᠯᠭᠡᠳᠡᠯ ᠲᠡᠢ ᠠᠭᠤᠳᠠᠮ ᠮᠣᠩᠭᠣᠯ ᠨᠤᠲᠤᠭ ᠢ᠋ᠶ᠋ᠠᠨ
ᠳᠣᠯᠣᠭ᠎ᠠ ᠨᠠᠢ᠍ᠮᠠ ᠶ᠋ᠢᠨ ᠲᠠᠪᠢᠨ ᠵᠢᠷᠭᠤᠭ᠎ᠠ ᠭᠡᠵᠦ ᠭᠠᠭᠴᠠ ᠣᠷᠬᠢᠭᠠᠳ ᠶᠠᠭᠠᠬᠢᠬᠤᠪ
ᠳᠣᠯᠣᠭᠠᠨ ᠡᠬᠡᠰᠢᠭ ᠡᠴᠡ ᠬᠤᠪᠢᠯᠤᠭᠰᠠᠨ ᠲᠣᠭ᠎ᠠ ᠲᠣᠮᠰᠢ ᠦᠭᠡᠢ ᠦᠭᠡ ᠶ᠋ᠢ
ᠳᠣᠯᠣᠭᠠᠨ ᠵᠦᠢᠯ ᠢ᠋ᠶ᠋ᠡᠷ ᠪᠢᠴᠢᠳᠡᠭ ᠭᠠᠢᠬᠠᠮᠰᠢᠭ ᠢᠭᠲᠦᠯᠦᠯ ᠦᠭᠡᠢ ᠶᠠᠭᠠᠬᠢᠬᠤᠪ

   ᠦᠰᠦᠭ᠄ ᠠᠮᠢᠯᠠᠭᠤᠯᠤᠭᠴᠢ ᠳᠣᠷᠣᠨ᠎ᠠ
   ᠦᠰᠦᠭ ᠬᠢᠨᠠᠭᠴᠢ᠄  ᠪᠠᠶᠠᠨ᠌ᠠᠠᠭᠤᠯᠠ᠂ ᠣᠳᠬᠠᠨᠰᠣ᠎ᠠ