ᠲᠠᠤᠯᠠᠢ ᠵᠢᠯ ᠦ᠋ᠨ ᠵᠤᠨ -ᠳ᠋ᠠᠨᠢᠭ᠎ᠠ ᠶ᠋ᠢᠨ ᠲᠠᠸᠠᠨᠢᠮ᠎ᠡ Туулай жилийн Зун-Таниагийн Давааням ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠤᠯᠠᠢ ᠵᠢᠯ ᠦ᠋ᠨ ᠵᠤᠨ -ᠳ᠋ᠠᠨᠢᠭ᠎ᠠ ᠶ᠋ᠢᠨ ᠲᠠᠸᠠᠨᠢᠮ᠎ᠡ Туулай жилийн Зун-Таниагийн Давааням

ᠲᠠᠤᠯᠠᠢ ᠵᠢᠯ ᠦ᠋ᠨ ᠵᠤᠨ -ᠳ᠋ᠠᠨᠢᠭ᠎ᠠ ᠶ᠋ᠢᠨ ᠲᠠᠸᠠᠨᠢᠮ᠎ᠡ Туулай жилийн Зун-Таниагийн Давааням

2024-08-23

259

     ᠳ᠋ᠠᠨᠢᠭ᠎ᠠ ᠶ᠋ᠢᠨ ᠲᠠᠸᠠᠨᠢᠮ᠎ᠡ 
ᠳᠡᠷᠡᠰᠦᠨ ᠳᠤᠮᠳᠠᠭᠤᠷ 
ᠳᠡᠯᠳᠡᠩ ᠲᠠᠤᠯᠠᠢ ᠳᠡᠭᠳᠡᠯ᠎ᠡ᠂
ᠫᠤᠤ ᠲᠠᠢ ᠬᠥᠮᠦᠨ ᠪᠣᠰᠢᠭᠣ ᠲᠦᠷᠭᠡᠨ ᠡᠯᠳᠡᠯ᠎ᠡ᠃
ᠮᠢᠨᠦ ᠠᠶᠤᠭᠰᠠᠨ ᠭᠡᠳᠡᠭ ᠨᠢ 
ᠮᠡᠭᠰᠢᠨ ᠤᠬᠢᠯᠠᠭᠰᠠᠨ ᠭᠡᠳᠡᠭ ᠨᠢ 
ᠬᠥᠭᠡᠷᠦᠬᠦᠨ ᠲᠠᠤᠯᠠᠢ ᠶ᠋ᠢ ᠥᠷᠥᠪᠳᠦᠯᠭᠦᠢ ᠶᠠᠭᠠᠬᠢᠬᠤᠪ 
ᠬᠥᠭᠡᠭᠡᠭᠰᠡᠨ ᠬᠥᠮᠦᠨ ᠢ᠋ ᠦᠭᠡᠯᠡᠯᠭᠦᠢ ᠶᠠᠭᠠᠬᠢᠬᠤᠪ 
ᠮᠢᠨᠦ ᠪᠣᠳᠣᠬᠤ ᠶᠤᠮ ᠪᠣᠯ 
ᠮᠡᠳᠡᠭᠡᠵᠢ ᠬᠡᠯᠡᠬᠦ ᠶᠦᠮ ᠪᠣᠯ 

ᠲᠠᠤᠯᠠᠢ ᠵᠢᠯ ᠦ᠋ᠨ ᠵᠤᠨ
ᠡᠬᠡ ᠡᠴᠡ ᠪᠢ ᠲᠥᠷᠥᠭᠰᠡᠨ ᠪᠢᠯᠡ᠂
ᠲᠠᠤᠯᠠᠢ ᠵᠢᠯ ᠲᠡᠢ ᠬᠦᠦ
ᠡᠩᠬᠡ ᠠᠮᠤᠷ ᠥᠰᠦᠭᠰᠡᠨ ᠪᠢᠯᠡ᠃
ᠮᠢᠨᠦ ᠤᠬᠠᠭᠠᠨ ᠢ᠋ᠶ᠋ᠠᠷ ᠪᠣᠯ
ᠮᠡᠳᠡᠭᠰᠡᠨ ᠦ᠌ ᠬᠢᠷᠢ ᠪᠡᠷ ᠪᠣᠯ
ᠬᠡᠨ ᠬᠡᠨ ᠦ᠌ ᠪᠡᠨ ᠵᠢᠯ ᠤᠷᠤᠭᠤ
ᠫᠤᠤ ᠪᠢᠲᠡᠭᠡᠢ ᠱᠠᠭᠠᠢ!
ᠬᠡᠨ ᠬᠡᠨ ᠦ᠌ ᠪᠡᠨ ᠵᠢᠯ ᠲᠡᠢ ᠨᠢ
ᠪᠣᠢ ᠣᠷᠴᠢᠯᠠᠩ ᠳ᠋ᠤ᠌ ᠵᠢᠷᠭ᠎ᠠ᠃

           1990 ᠣᠨ

   ᠦᠰᠦᠭ ᠠᠮᠢᠯᠠᠭᠤᠯᠤᠭᠴᠢ᠄ ᠸᠠᠩ᠂ ᠪᠠᠳᠮ᠎ᠠ 
   ᠬᠢᠨᠠᠭᠴᠢ᠄ ᠰᠡᠬᠡᠭᠡᠷᠡᠯ᠂ ᠣᠳᠬᠠᠨᠰᠣ᠎ᠠ