ᠭᠡᠷᠡᠯ ᠵᠢᠷᠭᠠᠯ ᠤᠨ ᠡᠯᠴᠢ ᠭᠡᠷᠭᠡᠢ ᠰᠠᠨᠰᠠᠷ – ᠶᠣᠨᠳᠣᠨ ᠤ ᠪᠢᠯᠢᠭ᠌ - ᠪᠠᠭᠠᠲᠤᠷ Гэрэл жаргалын элч гэргий сансар – Ёндоны Билиг - Баатар
ᠭᠡᠷᠡᠯ ᠵᠢᠷᠭᠠᠯ ᠤᠨ ᠡᠯᠴᠢ ᠭᠡᠷᠭᠡᠢ ᠰᠠᠨᠰᠠᠷ
ᠭᠡᠷᠭᠡᠢ ᠳ᠋ᠡᠭᠡᠨ ᠯᠡ ᠤᠩᠰᠢᠬᠤ ᠲᠠᠷᠨᠢᠲᠤ ᠰᠢᠯᠦᠭ
ᠵᠧ
ᠤ᠌ᠮ ᠰᠠᠢᠨ ᠠᠮᠤᠭᠤᠯᠠᠩ ᠪᠣᠯᠲᠤᠭᠠᠢ !
ᠡᠩᠬᠡ ᠰᠠᠢᠬᠠᠨ ᠵᠢᠷᠭᠠᠯᠠᠩ ᠪᠣᠯᠲᠤᠭᠠᠢ !
ᠭᠡᠷᠭᠡᠢ ᠭᠡᠳᠡᠭ ᠡᠵᠢ ᠬᠥᠮᠦᠨ ᠡᠬᠡ ᠬᠠᠲᠤᠨ
ᠭᠡᠨᠡᠨ ᠦᠨᠡᠨ ᠦ᠌ ᠬᠠᠮᠤᠭ ᠤ᠋ᠨ ᠠᠭᠤᠤ
ᠰᠤᠤ ᠵᠠᠯᠢ ᠭᠦᠨ ᠤᠬᠠᠭᠠᠨ ᠤ᠋
ᠰᠣᠶᠣᠨ ᠬᠡᠬᠡᠷᠡᠭᠦᠯᠦᠭᠴᠢ ᠪᠤᠷᠬᠠᠨ ᠶᠤᠮ ᠠ᠋
ᠡᠷᠲᠡᠨ ᠠ᠋ᠴᠠ ᠪᠠᠨ ᠠᠯᠢᠪᠠ ᠦᠯᠢᠭᠡᠷ ᠲᠤᠤᠯᠢ ᠶ᠋ᠢᠨ ᠠᠯᠢ ᠡᠬᠢ
ᠡᠬᠡ ᠬᠥᠮᠦᠨ ᠦ᠌ ᠠᠯᠲᠠᠨ ᠤᠮᠠᠢ ᠠ᠋ᠴᠠ ᠯᠡ ᠡᠬᠢᠯᠡᠳᠡᠭ ᠠ᠋
ᠥᠷᠥᠨᠡᠳᠡᠬᠢᠨ ᠳᠣᠷᠣᠨᠠᠳᠠᠬᠢᠨ ᠡᠷᠲᠡᠨ ᠡᠳᠦᠭᠡ ᠡᠴᠡ ᠪᠡᠨ
ᠡᠭᠡᠭᠡ ᠠᠳᠠᠯᠢᠬᠠᠨ ᠪᠦᠭᠦᠳᠡ ᠪᠦᠭᠦᠳᠡᠭᠡᠷ ᠢ᠋ᠶ᠋ᠡᠨ ᠯᠡ ᠡᠢᠮᠦᠭᠡᠨ ᠠ᠋
᠁ ᠁ ᠁
ᠠᠮᠢᠳᠤᠷᠠᠯ ᠮᠥᠷᠦᠭᠡᠳᠦᠯ ᠦ᠋ᠨ ᠲᠦᠮᠡᠨ ᠠᠢ ᠴᠢᠩ ᠵᠢᠳᠬᠦᠯ ᠡᠴᠡ᠁
ᠠᠶᠠᠰ ᠠᠶᠠᠯᠠᠭᠤ ᠶ᠋ᠢᠨ ᠪᠣᠮᠠᠨ ᠵᠦᠢ ᠦᠯᠦ ᠤᠷᠪᠠᠬᠤ ᠬᠠᠢᠷ᠎ᠠ ᠠ᠋ᠴᠠ ᠁
ᠵᠠᠭᠤᠨ ᠵᠠᠭᠤᠨ ᠤ ᠠᠰᠢᠳᠠ ᠶ᠋ᠢᠨ ᠬᠤᠪᠢ ᠲᠠᠪᠢᠯᠠᠩ ᠨᠠᠮ᠎ᠠ ᠶ᠋ᠢ
ᠵᠢᠷᠠᠨ ᠵᠢᠸ᠎ᠠ ᠵᠢᠩᠬᠢᠨᠢ ᠵᠢᠷᠤᠮ ᠤ᠋ᠨ ᠴᠢᠮ᠎ᠠ ᠤᠷᠤᠭᠤ ᠬᠥᠲᠥᠯᠦᠭᠰᠡᠨ᠁
ᠠᠮᠢᠨ ᠰᠦᠨᠡᠰᠦᠨ ᠦ᠌ ᠤᠷᠮ᠎ᠠ ᠳᠤᠷᠠᠯᠠᠯ ᠤ᠋ᠨ ᠠᠯᠲᠠᠨ ᠬᠡᠯᠬᠢᠶ᠎ᠡ --
ᠠᠶ᠎ᠠ ᠮᠢᠨᠦ ᠭᠡᠷᠡᠯ ᠵᠢᠷᠭᠠᠯ ᠤ᠋ᠨ ᠡᠯᠴᠢ ᠭᠡᠷᠭᠡᠢ ᠬᠡᠮᠡᠬᠦ ᠰᠠᠨᠰᠠᠷ ᠮᠢᠨᠢ
ᠪᠠᠢᠨ ᠪᠠᠢᠨ ᠤᠯᠠᠭᠠᠨ ᠵᠡᠭᠦᠳᠦᠨ ᠦ᠌ ᠮᠢᠨᠢ ᠴᠡᠭᠡᠯ ᠳ᠋ᠦ᠍ ᠱᠤᠩᠪᠠᠭᠠᠳ ᠯᠠ
ᠪᠠᠷᠢᠵᠤ ᠲᠠᠯᠪᠢᠬᠤ ᠪᠠᠨ ᠠᠯᠳᠠᠩᠬᠠᠨ ᠪᠢ ᠵᠢᠷᠭᠠᠩᠬᠠᠨ ᠦᠭᠡᠲᠠᠯᠠᠨᠡᠮ ᠠ᠋
ᠶᠠᠭᠤᠲᠠᠢ ᠰᠠᠢᠬᠠᠨ ᠦᠵᠡᠰᠬᠦᠯᠡᠩ ᠬᠣᠷᠸ᠎ᠠ ᠳ᠋ᠤ᠌ ᠲᠠ ᠮᠢᠨᠢ ᠨᠠᠳᠠᠳᠤ ᠵᠦᠭ
ᠶᠠᠭᠠᠨ ᠰᠣᠯᠣᠩᠭ᠎ᠠ ᠲᠠᠲᠠᠭᠤᠯᠤᠩᠬᠠᠭ ᠶᠠᠭᠠᠷᠠᠩᠬᠠᠨ ᠢᠷᠡᠭᠡ ᠶᠦ᠍ᠮ ᠪᠣᠢ ᠳᠠ
ᠮᠠᠯ ᠬᠠᠷᠠᠬᠠᠨ ᠲᠣᠷᠮᠣᠭᠣᠷ ᠮᠡᠯᠮᠡᠢ ᠶ᠋ᠢᠨ ᠴᠢᠨᠢ ᠮᠠᠯᠲᠠᠷᠠᠭᠡᠨ ᠳ᠋ᠦ᠍
ᠮᠢᠩᠭ᠎ᠠ ᠮᠢᠩᠭᠠᠨ ᠵᠢᠯ ᠦ᠋ᠨ ᠮᠢᠨᠢ ᠢᠨᠠᠭ ᠪᠣᠯᠵᠣᠭ᠎ᠠ ᠨᠢᠭᠤᠭᠳᠠᠮᠤᠢ ᠤᠤ
ᠡᠭᠡᠭᠡ ᠯᠡ ᠵᠥᠪᠬᠡᠨ᠂ ᠭᠠᠭᠴᠠᠬᠠᠨ ᠮᠢᠨᠦ ᠯᠡ ᠲᠥᠯᠥᠭᠡ
ᠡᠨᠡᠷᠢᠩᠭᠦᠢ ᠢᠪᠡᠯᠡᠩᠭᠦᠢ ᠨᠢᠭᠦᠯᠡᠰᠦᠩᠭᠦᠢ ᠬᠦᠯᠢᠴᠡᠩᠭᠦᠢ ᠬᠣᠷᠸ᠎ᠠ ᠳ᠋ᠤ᠌
ᠡᠴᠢᠭᠡ ᠡᠬᠡ ᠶ᠋ᠢᠨ ᠠᠯᠲᠠᠨ ᠮᠥᠩᠭᠥᠨ ᠬᠤᠷᠤᠢ ᠪᠠᠷ ᠲᠥᠷᠥᠭᠰᠡᠨ ᠢ᠋ᠶ᠋ᠡᠨ
ᠡᠩᠬᠦᠷᠡᠢ ᠪᠣᠯᠪᠠᠷᠠᠢ ᠭᠤᠸ᠎ᠠ ᠭᠡᠷᠭᠡᠢ ᠮᠢᠨᠢ ᠲᠠ ᠮᠡᠳᠡᠳᠡᠭ ᠴᠦ᠍ ᠪᠠᠢᠭᠠᠰᠠᠢ
ᠡᠷᠢᠶᠡᠨ ᠪᠠᠷᠠᠭᠠᠨ ᠡᠨᠡᠬᠡᠨ ᠱᠠᠭᠵᠠᠮᠤᠨᠢ ᠶ᠋ᠢᠨ ᠪᠣᠷᠣᠯᠠᠭ ᠭᠠᠯᠪᠠ ᠳ᠋ᠤ᠌
ᠡᠷ᠎ᠡ ᠡᠮ᠎ᠡ ᠶ᠋ᠢᠨ ᠭᠠᠯ ᠪᠠᠳᠠᠷᠠᠩᠭᠤᠢ ᠪᠠᠷᠢᠯᠳᠤᠯᠭ᠎ᠠ ᠪᠠᠨ ᠢᠳᠡᠭᠡᠰᠡᠢ᠁
ᠰᠢᠷ᠎ᠠ ᠲᠣᠰᠣᠨ ᠨᠠᠷᠠᠨ᠂ ᠰᠦᠨ ᠴᠠᠭᠠᠨ ᠰᠠᠷᠠᠨ ᠬᠣᠶᠠᠷ ᠬᠤᠪᠢᠯᠭᠠᠨ ᠢ᠋
ᠰᠠᠷᠠᠪᠴᠢᠨ ᠤ᠋ ᠴᠢᠨᠢ ᠳᠣᠣᠷᠠᠬᠢ ᠲᠤᠤᠯᠢᠰᠯᠢᠭ ᠬᠡᠭᠡᠪᠴᠢᠨ ᠳ᠋ᠦ᠍
ᠰᠠᠶ᠎ᠠ ᠵᠢᠸ᠎ᠠ ᠤᠳᠠᠭ᠎ᠠ ᠰᠠᠭᠠᠲᠠᠭᠤᠯᠤᠩᠬᠠᠨ ᠰᠣᠯᠣᠩᠭᠠᠷᠠᠭᠤᠯᠤᠩᠬᠠᠨ
ᠳᠡᠷᠡ ᠶ᠋ᠢᠨ ᠰᠠᠯᠬᠢᠨ ᠤ᠋ ᠠᠮᠲᠠᠨ ᠳ᠋ᠤ᠌ ᠴᠢᠮᠡᠳᠡᠢᠭᠠᠨ
ᠵᠢᠩ ᠵᠢᠩ ᠦ᠋ᠨ ᠯᠤᠭᠠᠷ ᠠᠶᠠᠨ ᠤ᠋ ᠵᠢᠩᠭᠠᠷ ᠬᠠᠢᠯᠠᠶᠠ ᠳᠠ
ᠵᠢᠷᠭᠢᠬᠦ ᠦᠦᠷ ᠢ᠋ᠶ᠋ᠡᠷ ᠰᠢᠪᠠᠭᠤᠨ ᠵᠢᠭᠦᠷ ᠲᠦ᠍ ᠴᠣᠭ ᠴᠡᠩᠭᠡᠯᠳᠦᠶ᠎ᠡ ᠳᠧ
ᠵᠢᠰᠦ ᠦᠵᠡᠰᠬᠦᠯᠡᠩ ᠦ᠋ᠨ ᠲᠡᠭᠦᠰ ᠲᠡᠭᠰᠢ ᠬᠠᠴᠢᠷ ᠪᠡᠶ᠎ᠡ ᠭᠠᠯᠪᠢᠷ ᠢ᠋ ᠪᠡᠨ
ᠵᠢᠷᠦᠬᠡᠨ ᠦ᠌ ᠮᠢᠨᠢ ᠬᠣᠪᠳᠣᠯ ᠳ᠋ᠤ᠌ ᠲᠠ ᠥᠪᠡᠷ ᠢ᠋ᠶ᠋ᠡᠨ ᠳᠠᠯᠳᠠᠯᠠᠭᠰᠠᠨ
᠁ ᠲᠡᠭᠡᠭᠡᠳ ᠪᠢ ᠳ᠋ᠦᠩᠰᠢᠭᠤᠷ ᠵᠢᠯ ᠦ᠋ᠨ ᠳᠠᠷᠠᠭ᠎ᠠ ᠁
᠁ ᠲᠡᠭᠦᠨ ᠢ᠋ ᠴᠢᠨᠢ ᠰᠢᠭᠤᠳ ᠯᠠ ᠡᠷᠢᠵᠦ ᠣᠯᠤᠭᠰᠠᠨ ᠁
ᠠᠯᠤᠨ ᠭᠤᠸ᠎ᠠ ᠥᠷᠯᠥᠭ ᠡᠬᠡ ᠶ᠋ᠢᠨ ᠮᠢᠨᠢ
ᠶᠢᠰᠦᠨ ᠵᠠᠭᠤ ᠶᠡᠷᠡ ᠶᠢᠰᠦᠳᠡᠬᠢ ᠦᠶ᠎ᠡ ᠶ᠋ᠢᠨ
ᠠᠴᠢ ᠪᠦᠷᠢᠯᠸ᠎ᠠ ᠤᠬᠠᠭᠠᠨᠲᠠᠢᠬᠠᠨ ᠭᠡᠷᠭᠡᠢ ᠮᠢᠨᠢ
ᠡᠮᠡᠭᠡᠨ ᠪᠤᠭᠤᠷᠤᠯ ᠡᠮᠧ ᠶ᠋ᠢᠨ ᠮᠢᠨᠢ
ᠠᠯᠲᠠᠨ ᠮᠥᠩᠭᠥᠨ ᠬᠣᠣᠰ ᠬᠥᠬᠥᠨ ᠦ᠌
ᠤᠭᠤᠷᠠᠭ ᠭᠡᠷᠡᠯ ᠢ᠋ ᠨᠢ ᠰᠢᠮᠡᠭᠰᠡᠨ
ᠡᠷᠬᠢᠮᠰᠦᠭ ᠬᠡᠭᠡᠯᠢᠭ ᠭᠡᠷᠭᠡᠢ ᠮᠢᠨᠢ
ᠡᠨᠡ ᠲᠦᠷᠥᠯ ᠦ᠋ᠨ ᠮᠢᠨᠢ ᠴᠣᠷ ᠭᠠᠭᠴᠠᠬᠠᠨ
ᠠᠯᠳᠠᠭᠠᠨ ᠨᠢ ᠦᠭᠡᠢ ᠤᠷᠪᠠᠭᠠᠨ ᠨᠢ ᠦᠭᠡᠢ
ᠠᠮᠠᠷᠠᠭᠬᠠᠨ ᠬᠣᠩᠭᠣᠷᠬᠠᠨ ᠭᠡᠷᠭᠡᠢ ᠴᠢ ᠮᠢᠨᠦ ᠳᠧ
ᠠᠯᠢᠬᠠᠨ ᠳᠡᠭᠡᠳᠦ ᠲᠥᠷᠥᠯ ᠦ᠋ᠨ ᠮᠢᠨᠢ
ᠠᠯᠢᠶᠠᠬᠠᠨ ᠵᠠᠶᠠᠭᠠᠨ ᠤ᠋ ᠮᠢᠨᠢ ᠤᠷᠲᠤᠬᠠᠨ ᠦᠷᠭᠦᠯᠵᠢᠯᠡᠯ
ᠠᠯᠲᠠᠷᠠᠢᠬᠠᠨ ᠭᠡᠷᠭᠡᠢ ᠬᠡᠰᠢᠭ ᠮᠢᠨᠦ ᠵᠸ ᠠ᠋
ᠴᠢᠮᠡᠳᠠᠭᠠᠨ 《ᠳᠡᠩᠳᠡᠭᠦᠦ ᠬᠠᠢᠷᠠᠲᠠᠢ ᠰᠢᠦ》 ᠭᠡᠵᠦ
ᠴᠠᠭ ᠠᠯᠭᠠᠰᠠᠯ ᠦᠭᠡᠢ ᠲᠦᠮᠡᠨᠳᠡ ᠲᠠᠪᠲᠠᠭᠠᠳ
ᠨᠤᠷᠰᠢᠨ ᠶᠠᠷᠢᠬᠤ ᠦᠭᠡᠢ ᠴᠦ᠍ ᠭᠡᠰᠡᠨ
ᠡᠨᠡ ᠰᠢᠳᠢᠲᠦ ᠤᠪᠠᠳᠢᠰ ᠲᠠᠢ ᠬᠣᠶᠠᠷᠬᠠᠨ ᠦᠭᠡ ᠶ᠋ᠢ ᠯᠡ
ᠵᠢᠯ ᠵᠢᠯ ᠦ᠋ᠨ ᠭᠠᠯ ᠤ᠋ᠨ ᠬᠣᠷᠢᠨ ᠭᠤᠷᠪᠠᠨ ᠳ᠋ᠠᠭᠠᠨ ᠯᠠ
ᠠᠮᠠᠨ ᠤᠩᠰᠢᠯᠭ᠎ᠠ ᠶ᠋ᠢᠨ ᠲᠠᠷᠨᠢ ᠮᠡᠲᠦ
ᠭᠠᠯ ᠤ᠋ᠨ ᠪᠤᠷᠬᠠᠨ ᠳ᠋ᠠᠭᠠᠨ ᠯᠠ ᠳᠠᠭᠠᠳᠬᠠᠩᠬᠠᠨ
ᠨᠢᠭᠡᠯᠬᠡᠨ ᠤᠳᠠᠭ᠎ᠠ ᠵᠠᠯᠪᠠᠷᠢᠩᠬᠠᠨ ᠬᠡᠯᠡᠵᠦ
ᠬᠠᠮᠲᠤ ᠳ᠋ᠠᠭᠠᠨ ᠮᠥᠷᠭᠥᠵᠦ ᠪᠠᠢᠶ᠎ᠠ ᠳᠠ᠂
ᠬᠣᠶᠠᠭᠤᠯᠠ ᠬᠣᠶᠠᠭᠤᠯᠠ ᠪᠠᠨ ᠂ ᠲᠡᠭᠡᠬᠦ ᠤᠤ ᠳᠡ ᠁
ᠰᠠᠢᠨ ᠰᠠᠢᠬᠠᠨ ᠦᠨᠡᠲᠦ ᠠᠯᠲᠠᠨ ᠦᠭᠡ ᠶ᠋ᠢ
ᠰᠠᠷ᠎ᠠ ᠵᠢᠸ᠎ᠠ ᠶᠠᠩᠰᠢᠨ ᠨᠤᠷᠰᠢᠨ ᠪᠠᠢᠪᠠᠯ
ᠬᠠᠮᠢᠭ᠎ᠠ ᠰᠠᠮᠠᠭ᠎ᠠ ᠦᠭᠡᠢ ᠶᠠᠷᠢᠭᠠᠳ ᠪᠠᠢᠪᠠᠯ
ᠬᠡᠨ ᠬᠥᠮᠦᠨ ᠦ᠌ ᠡᠮᠦᠨ᠎ᠡ ᠴᠦ᠍ ᠳᠡᠮᠡᠢ ᠬᠡᠯᠡᠭᠡᠳ ᠪᠠᠢᠪᠠᠯ
ᠶᠠᠩᠰᠢᠶ᠎ᠠ ᠡᠮᠡᠭᠡᠨ ᠦ᠌ ᠥᠨᠥ ᠯᠡ
ᠭᠤᠩᠰᠢᠶ᠎ᠠ ᠦᠯᠢᠭᠡᠷ ᠦ᠋ᠨ ᠰᠢᠪᠰᠢᠭ ᠪᠣᠯᠬᠤ ᠨᠢ ᠲᠡᠷᠡ ᠠ᠋
ᠬᠠᠷᠢᠨ ᠲᠡᠭᠡᠬᠦ ᠶ᠋ᠢᠨ ᠢ᠋ᠶ᠋ᠡᠨ ᠣᠷᠣᠨ ᠳ᠋ᠦ᠍
ᠬᠠᠯᠠᠭᠤᠨ ᠵᠣᠭᠣᠭ ᠬᠠᠢᠯᠤᠮᠠ ᠲᠠᠯᠠᠷᠬᠠᠯ ᠢ᠋ᠶ᠋ᠠᠨ ᠯᠠ
ᠬᠠᠷᠢᠯᠴᠡᠨ ᠪᠠᠢᠩᠭᠤ ᠰᠣᠯᠢᠯᠴᠠᠵᠤ ᠪᠠᠢᠬᠤ ᠨᠢ
ᠮᠥᠩᠬᠡ ᠨᠠᠰᠤᠨ ᠤ᠋ ᠡᠩᠬᠡ ᠮᠡᠨᠳᠦ ᠶ᠋ᠢᠨ ᠢᠷᠦᠭᠡᠯ ᠪᠣᠯᠳᠠᠭ ᠭᠡᠨ᠎ᠡ ᠠ᠋
᠁ ᠬᠠᠢᠷ᠎ᠠ ᠠ᠋ ᠭᠡᠵᠢ ᠂ ᠂ ᠂ ᠂
᠁ ᠲᠤᠤᠯᠢ ᠬᠠᠢᠯᠠᠬᠤ ᠶ᠋ᠢᠨ ᠡᠭᠡᠯᠢ ᠶᠦ᠍ᠮ ᠤᠤ ᠳᠡ ᠂ ᠂ ᠂
᠁ ᠡᠩᠭᠦᠷᠡᠢᠭᠡᠨ ᠭᠡᠷᠭᠡᠢ ᠠ᠋ ᠭᠡᠵᠢ ᠂ ᠂ ᠂ ᠂
᠁ ᠡᠨᠡ ᠨᠠᠰᠤᠨ ᠤ᠋ ᠬᠠᠮᠤᠭ ᠵᠢᠷᠭᠠᠯᠠᠩ ᠶᠤᠮ ᠤᠤ ᠳᠠ ᠂᠂᠂
ᠭᠡᠷᠭᠡᠢ ᠰᠠᠨᠰᠠᠷ ᠤ᠋ᠨ ᠢ᠋ᠶ᠋ᠠᠨ ᠣᠳᠣᠳ ᠤ᠋ᠨ ᠬᠢᠨᠢ
ᠭᠡᠷᠡᠯ ᠢᠯᠴᠢᠨ ᠳ᠋ᠦ᠍ ᠭᠡᠨᠡᠲᠠᠢ ᠰᠠᠢᠬᠠᠨ ᠠᠮᠢᠳᠤᠷᠠᠨᠠᠮ ᠠ᠋ ᠪᠢ ᠁
2024᠂ 2᠂ 1᠃ ᠭᠡᠭᠡᠨ ᠦᠦᠷ ᠢ᠋ᠶ᠋ᠡᠷ᠃
ᠬᠦᠬᠡᠬᠣᠲᠠᠨ᠎ᠠ ᠳᠡᠩᠳᠡᠭᠦᠦ ᠪᠠᠶᠠᠰᠤᠩᠭᠤᠢ ᠪᠦᠲᠦᠭᠡᠪᠡᠢ᠃
