ᠭᠡᠷᠡᠯᠲᠦ ᠰᠤᠪᠤᠳ– ᠰᠢᠯᠢ ᠶᠢᠨ ᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷГэрэлт сувд– шилийн хот минь – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠡᠯᠲᠦ ᠰᠤᠪᠤᠳ– ᠰᠢᠯᠢ ᠶᠢᠨ ᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷГэрэлт сувд– шилийн хот минь – Ёндоны Билиг - Баатар

ᠭᠡᠷᠡᠯᠲᠦ ᠰᠤᠪᠤᠳ– ᠰᠢᠯᠢ ᠶᠢᠨ ᠬᠣᠲᠠ ᠮᠢᠨᠢ – ᠶᠣᠨᠳᠣᠨ ᠤ ᠪᠢᠯᠢᠭ᠌ - ᠪᠠᠭᠠᠲᠤᠷГэрэлт сувд– шилийн хот минь – Ёндоны Билиг - Баатар

2024-08-21

304

ᠭᠡᠷᠡᠯᠲᠦ ᠰᠤᠪᠤᠳ– ᠰᠢᠯᠢ ᠶᠢᠨ ᠬᠣᠲᠠ ᠮᠢᠨᠢ

 
 ᠪᠦᠬᠦᠯᠢ ᠪᠦᠲᠦᠨ ᠳᠥᠴᠢᠨ ᠵᠢᠯ ᠦ᠋ᠨ ᠲᠤᠷᠰᠢ 
 ᠪᠦᠬᠦᠢᠯᠡ ᠡᠨᠡᠷᠢᠯ ᠬᠠᠢᠷ᠎ᠠ ᠪᠠᠷ ᠢ᠋ᠶ᠋ᠠᠨ ᠯᠠ 
 ᠪᠦᠲᠦᠯ ᠦᠭᠡᠢ ᠭᠠᠢᠬᠠᠯ ᠨᠠᠮ᠎ᠠ ᠶ᠋ᠢ ᠪᠠᠨ ᠯᠠ 
 ᠪᠦᠪᠡᠢᠯᠡᠩᠭᠡᠨ ᠠᠷᠭᠠᠳᠠᠩᠬᠠᠨ ᠬᠠᠮᠠᠭᠠᠯᠠᠭᠰᠠᠨ 
 ᠠᠯᠲᠠᠨ ᠬᠢᠯᠢ ᠶ᠋ᠢᠨ ᠠᠯᠳᠠᠷᠲᠤ ᠵᠠᠯᠠᠭᠤ ᠬᠣᠲᠠ 
 ᠠᠮᠢ ᠨᠠᠰᠤᠨ ᠤ᠋ ᠮᠢᠨᠢ ᠮᠥᠩᠬᠡ ᠰᠠᠬᠢᠶ᠎ᠠ 
 ᠭᠤᠷᠪᠠᠨ ᠭᠡᠷᠭᠡᠢ ᠬᠣᠶᠠᠷ ᠦᠷ᠎ᠡ ᠶ᠋ᠢ ᠮᠢᠨᠢ 
 ᠭᠣᠣᠯ ᠵᠢᠷᠦᠬᠡ ᠲᠡᠢ ᠮᠢᠨᠢ ᠨᠢᠭ᠋ ᠬᠣᠯᠪᠣᠭᠰᠠᠨ 
 ᠭᠠᠩᠭᠠᠩ ᠪᠠᠳᠠᠷᠠᠩᠭᠤᠢ ᠶ᠋ᠢᠨ ᠲᠡᠭᠦᠯᠲᠡᠢ ᠲᠤᠢᠯ 
 ᠮᠠᠨᠳᠤᠬᠤ ᠨᠠᠷᠠᠨ ᠤ᠋ ᠱᠠᠯ ᠵᠥᠭᠡᠯᠡᠨ ᠥᠯᠥᠭᠡᠢ 
 ᠮᠡᠯᠮᠡᠢ ᠲᠤᠩᠭᠠᠯᠠᠭ ᠰᠢᠯᠢ ᠶ᠋ᠢᠨ ᠬᠣᠲᠠ ᠮᠢᠨᠢ 
 ᠭᠠᠪ ᠭᠠᠰᠢᠭᠤᠨ ᠤᠲᠤᠭᠠᠨ ᠪᠣᠬᠢᠷᠲᠤᠯ ᠦᠭᠡᠢ 
 ᠮᠠᠭᠰᠢᠬᠤ ᠪᠥᠬᠡ ᠶ᠋ᠢᠨ ᠪᠤᠮᠠᠨ ᠳᠠᠪᠢᠯᠲᠠ ᠲᠠᠢ 
 ᠮᠡᠷᠭᠡᠳ ᠦ᠋ᠨ ᠴᠠᠮᠬᠠᠭ ᠰᠢᠯᠢ ᠶ᠋ᠢᠨ ᠬᠣᠲᠠ ᠠ᠋ 
 ᠲᠦᠷ ᠪᠠᠶᠠᠷᠲᠠᠢ! ᠲᠦᠮᠡᠨᠲᠡ ᠲᠠᠯᠠᠷᠬᠠᠶ᠎ᠠ! 
 ᠲᠣᠯᠣᠭᠠᠢ ᠪᠤᠭᠤᠷᠤᠯ ᠪᠢᠴᠢᠬᠠᠨ ᠬᠥᠪᠡᠭᠦᠨ ᠴᠢᠨᠢ 
 ᠯ᠂ ᠲᠤᠯᠰᠲ᠋ᠣᠢ ᠰᠢᠭ᠋ ᠭᠢᠯᠠᠷᠠᠭ᠎ᠠ ᠦᠭᠡᠢ 
 ᠯᠧᠨᠢᠨ ᠨᠥᠬᠥᠷ ᠰᠢᠭ ᠲᠣᠮᠣᠷᠠᠭ᠎ᠠ ᠦᠭᠡᠢ 
 ᠷᠣᠮᠠᠨ᠂ ᠷᠤᠯᠠᠨ ᠰᠢᠭ᠋ ᠮᠤᠨᠳᠠᠭᠯᠠᠭ᠎ᠠ ᠦᠭᠡᠢ᠂ 
 ᠷᠠᠰᠤᠯ᠂ ᠭᠠᠮᠽᠣᠲ᠋ᠣᠪ ᠰᠢᠭ᠋ ᠯᠡ ᠠᠮᠢᠳᠤᠷᠠᠨᠠᠮ 
 ᠠᠪᠤ ᠶ᠋ᠢᠨ ᠦᠨᠦᠷᠲᠡᠢ ᠡᠵᠢ ᠶ᠋ᠢᠨ ᠰᠥᠳᠡᠢ 
 ᠠᠪᠤᠷᠠᠯ ᠠᠴᠢᠯᠠᠯ ᠤ᠋ᠨ ᠨᠢᠭᠦᠯᠡᠰᠦᠩᠭᠦᠢ ᠲᠡᠭᠷᠢ 
 ᠠᠭᠤᠤ ᠶᠡᠬᠡ ᠰᠢᠯᠢ ᠶ᠋ᠢᠨ ᠬᠣᠲᠠ ᠮᠢᠨᠢ ᠠ᠋ 
 ᠠᠮᠧᠷᠢᠺᠠ᠂ ᠢᠲ᠋ᠠᠯᠢ᠂ ᠴᠢᠯᠢ᠂ ᠶᠠᠫᠣᠨ ᠭᠡᠳ ᠯᠡ 
 ᠠᠯᠢ ᠴᠦ᠍ ᠤᠯᠤᠰ ᠠ᠋ᠴᠠ ᠪᠢ ᠢᠷᠡᠬᠦ ᠪᠠᠢᠯᠭᠦᠢ
 ᠠᠬᠢᠨ ᠳᠠᠬᠢᠨ ᠲᠠᠩᠳᠠ ᠯᠠ ᠲᠠᠨ ᠢ᠋ ᠪᠡᠨ 
 ᠠᠢᠬᠤᠪᠲᠤᠷ ᠰᠠᠨᠠᠬᠤ ᠳ᠋ᠠᠭᠠᠨ ᠡᠷᠭᠢᠬᠦ ᠪᠡᠷ ᠯᠡ 
 ᠠᠭᠲᠠ ᠶ᠋ᠢᠨ ᠵᠢᠯᠣᠭᠣ ᠰᠤᠩᠭᠠᠩᠬᠠᠨ ᠢᠷᠡᠨᠡᠮ 
  ᠁ ᠦᠨᠡᠨ ᠢ᠋ ᠰᠢᠭᠤᠳ ᠬᠡᠯᠡᠪᠡᠯ ᠳᠧ ᠠ᠋ 
 ᠦᠵᠡᠵᠦ ᠲᠣᠭᠣᠷᠢᠬᠤ ᠪᠠᠷ ᠮᠠᠭᠠᠳ ᠯᠠ 
 ᠥᠨᠥᠴᠢᠨ ᠡᠯᠢᠭᠡ ᠪᠡᠨ ᠥᠨᠳᠡᠯᠵᠡᠭᠦᠯᠦᠨ  
 ᠥᠨᠳᠡᠭᠡ ᠪᠡᠨ ᠡᠷᠢᠭᠡᠳ ᠢᠷᠡᠨ᠎ᠡ ᠰᠢᠦ 
 ᠬᠦᠢ ᠶ᠋ᠢ ᠮᠢᠨᠢ ᠳᠠᠷᠤᠭᠰᠠᠨ ᠥᠭᠡᠬᠦᠨ ᠴᠢᠯᠠᠭᠤ 
 ᠬᠥᠬᠡ ᠬᠣᠯᠠᠬᠢ ᠠᠲᠠᠷᠭᠠᠨ ᠳ᠋ᠤ᠌ ᠮᠢᠨᠢ ᠪᠣᠢ! 
 ᠬᠣᠯᠠᠳᠠᠯ᠎ᠠ ᠬᠣᠯᠠᠳᠠᠯ᠎ᠠ ᠭᠡᠳ ᠪᠢ ᠬᠥᠭᠡᠷᠦᠬᠦᠢ 
 ᠬᠠᠮᠢᠭ᠎ᠠ ᠯᠠ ᠤᠳᠠᠭᠠᠨ ᠰᠠᠭᠤᠬᠤ ᠶᠤᠮ ᠳᠠ 
 ᠪᠠᠶᠠᠷᠲᠠᠢ ᠭᠡᠷᠡᠯᠲᠦ ᠰᠤᠪᠤᠳ ᠮᠢᠨᠦ ᠁ 
 ᠲᠠᠯᠠᠷᠬᠠᠭᠰᠠᠨ ᠰᠢᠦ! ᠰᠢᠯᠢ ᠶ᠋ᠢᠨ ᠬᠣᠲᠠ ᠮᠢᠨᠢ  

        2024᠂ 08᠂ 17᠃ 23:29᠃ ᠮᠢᠨᠦ᠋ᠲ᠃

           ᠰᠢᠯᠢ ᠶᠢᠨ ᠬᠣᠲᠠ ᠠᠴᠠ ᠬᠥᠬᠡᠬᠣᠲᠠ ᠬᠦᠷᠬᠦ
           ᠬᠤᠷᠳᠤᠨ ᠤ ᠭᠠᠯᠲᠤ ᠲᠡᠷᠭᠡᠨ ᠳᠡᠭᠡᠷ᠎ᠡ ᠯᠠ 
           ᠰᠡᠳᠬᠢᠯ ᠶᠡᠬᠡᠳᠡ ᠢᠭᠳᠦᠯᠡᠩᠬᠡᠨ ᠬᠢᠨᠠᠮᠠᠭᠠᠢ 
           ᠬᠢᠴᠢᠶᠡᠩᠭᠦᠢ ᠳᠠᠷᠤᠤᠬᠠᠨ ᠯᠠ ᠪᠦᠲᠦᠭᠡᠪᠡ᠃