ᠬᠥᠥᠭ ᠭᠦᠦᠭ᠂ ᠰᠥᠬᠥ ᠰᠥᠬᠥ - ᠪᠤᠮᠠᠨ ᠤ᠋ ᠭᠣᠩᠭᠣᠷХөөг хөөг, сөөг сөөг-Бумны Гонгор
ᠪᠤᠮᠠᠨ ᠤ᠋ ᠭᠣᠩᠭᠣᠷ
ᠤᠯᠠᠭᠠᠨ ᠨᠣᠭᠲᠣ ᠲᠠᠢ ᠲᠣᠷᠣᠮ ᠢ᠋ᠶ᠋ᠠᠨ ᠰᠦᠭᠯᠡᠪᠡ
ᠤᠭᠠᠯᠵᠠᠨ ᠬᠡ ᠲᠡᠢ ᠳᠤᠬᠤᠰᠢ ᠪᠠᠨ ᠲᠣᠬᠣᠪᠠ
ᠤᠷᠲᠤ ᠰᠣᠯᠤᠭ ᠲᠠᠢ ᠲᠠᠰᠢᠭᠤᠷ ᠢ᠋ᠶ᠋ᠠᠨ ᠪᠠᠷᠢᠪᠠ
ᠤᠷᠠᠨ ᠪᠦᠬᠦᠨ ᠦ᠌ ᠬᠢᠨᠢ ᠬᠣᠭᠣᠷᠣᠨᠳᠣ ᠲᠣᠭᠯᠠᠪᠠ
ᠲᠣᠷᠤᠮᠠᠨ ᠰᠢᠷᠠ ᠮᠢᠨᠢ
ᠭᠦᠦᠭ ᠭᠦᠦᠭ!
ᠲᠣᠩᠭᠣᠴᠢᠪᠠᠯ ᠲᠣᠩᠭᠣᠴᠢ
ᠭᠦᠦᠭ ᠬᠥᠥᠭ!
ᠪᠦᠢᠯᠡᠰᠦ ᠬᠠᠢᠯᠠᠰᠤ ᠳᠤᠮᠳᠠᠭᠤᠷ
ᠪᠤᠯᠴᠢᠩ ᠪᠣᠯᠵᠢᠩ ᠲᠣᠢᠯᠠᠪᠠ᠂
ᠪᠤᠲᠠᠷᠭᠠᠨᠠ ᠬᠠᠷᠭᠠᠨᠠ ᠶ᠋ᠢᠨ ᠲᠣᠯᠣᠭᠠᠢ ᠶ᠋ᠢ
ᠪᠤᠳᠠᠷᠠᠭᠠᠨ ᠪᠤᠲᠠᠷᠠᠭᠠᠨ ᠲᠣᠢᠯᠠᠪᠠ
ᠲᠣᠣᠷᠠᠢ ᠲᠣᠬᠣᠢ ᠶ᠋ᠢᠨ ᠳᠤᠮᠳᠠᠭᠤᠷ
ᠲᠣᠩᠭᠣᠴᠢᠨ ᠲᠣᠩᠭᠣᠴᠢᠨ ᠲᠣᠢᠯᠠᠪᠠ
ᠲᠣᠭᠣᠷᠢᠮ ᠭᠠᠵᠠᠷ ᠤ᠋ᠨ ᠬᠥᠷᠥᠰᠥ ᠶ᠋ᠢ
ᠲᠣᠭᠣᠰᠣᠯᠠᠨ ᠲᠣᠭᠣᠰᠣᠯᠠᠨ ᠲᠣᠢᠯᠠᠪᠠ᠃
ᠵᠠᠭ ᠮᠣᠳᠣᠨ ᠳᠤᠮᠳᠠᠭᠤᠷ
ᠵᠠᠢᠯᠠᠨ ᠵᠠᠢᠯᠠᠨ ᠲᠣᠢᠯᠠᠪᠠ
ᠵᠠᠮ ᠪᠠᠢᠬᠤ ᠦᠭᠡᠢ ᠭᠠᠵᠠᠷ ᠢ᠋ᠶ᠋ᠠᠷ
ᠬᠡᠢᠯᠡᠨ ᠬᠡᠢᠯᠡᠨ ᠲᠣᠢᠯᠠᠪᠠ
ᠲᠣᠷᠤᠮᠠᠨ ᠰᠢᠷᠠ ᠮᠢᠨᠢ
ᠰᠥᠬᠥ᠂ ᠰᠥᠬᠥ!
ᠲᠣᠩᠭᠣᠴᠢᠬᠤ ᠪᠠᠨ ᠪᠣᠯᠢ ᠳᠠ
ᠰᠥᠬᠥ᠂ ᠰᠥᠬᠥ!
1982 ᠣᠨ
ᠦᠰᠦᠭ ᠠᠮᠢᠯᠠᠭᠤᠯᠤᠭᠴᠢ᠄ ᠡ᠊᠂ ᠭᠤᠸᠠ
ᠬᠢᠨᠠᠭᠴᠢ᠄ ᠣᠳᠬᠠᠨᠰᠣᠠ
