ᠪᠤᠬᠠᠨ ᠤ᠋ ᠬᠡᠯᠡ ᠶ᠋ᠢ ᠣᠷᠴᠢᠭᠤᠯᠤᠭᠰᠠᠨ ᠨᠢ - ᠵᠤᠩᠳᠤᠢ ᠶ᠋ᠢᠨ ᠳᠣᠷᠵᠢБухны хэлийг орчуулсан нь-Жондуйн Дорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠬᠠᠨ ᠤ᠋ ᠬᠡᠯᠡ ᠶ᠋ᠢ ᠣᠷᠴᠢᠭᠤᠯᠤᠭᠰᠠᠨ ᠨᠢ - ᠵᠤᠩᠳᠤᠢ ᠶ᠋ᠢᠨ ᠳᠣᠷᠵᠢБухны хэлийг орчуулсан нь-Жондуйн Дорж

ᠪᠤᠬᠠᠨ ᠤ᠋ ᠬᠡᠯᠡ ᠶ᠋ᠢ ᠣᠷᠴᠢᠭᠤᠯᠤᠭᠰᠠᠨ ᠨᠢ - ᠵᠤᠩᠳᠤᠢ ᠶ᠋ᠢᠨ ᠳᠣᠷᠵᠢБухны хэлийг орчуулсан нь-Жондуйн Дорж

2024-08-22

270

      ᠵᠤᠩᠳᠤᠢ ᠶ᠋ᠢᠨ ᠳᠣᠷᠵᠢ 
ᠠᠭᠤᠯᠠ ᠶ᠋ᠢᠨ ᠴᠡᠷᠮᠡᠨ ᠳ᠋ᠦ᠍  
ᠤᠰᠤᠨ ᠤ᠋ ᠲᠤᠩᠭᠠᠯᠠᠭ ᠲᠤ᠌ 
ᠬᠣᠶᠠᠷ ᠡᠪᠡᠷ ᠦ᠋ᠨ ᠱᠣᠪᠬᠣ ᠳ᠋ᠤ᠌ 
ᠬᠣᠶᠠᠭᠤᠯᠠ ᠪᠠᠨ ᠠᠭᠤᠯᠵᠠᠶ᠎ᠠ 

ᠥᠮᠪᠦᠦ᠂ ᠥᠮᠪᠦᠦ 
ᠥᠮᠪᠦᠦ᠂ ᠥᠮᠪᠦᠦ 

ᠡᠷᠭᠢ ᠪᠠᠢᠪᠠᠯ ᠱᠦᠷᠭᠦᠭᠡᠶ᠎ᠡ 
ᠡᠯᠡᠰᠦ ᠪᠠᠢᠪᠠᠯ ᠰᠠᠴᠤᠶ᠎ᠠ 
ᠡᠷ᠎ᠡ ᠪᠠᠢᠪᠠᠯ ᠰᠣᠷᠢᠶ᠎ᠠ 
ᠪᠢᠷ᠎ᠠ ᠪᠠᠢᠪᠠᠯ ᠭᠠᠷᠭᠠᠶ᠎ᠠ 

ᠥᠮᠪᠦᠦ᠂ ᠥᠮᠪᠦᠦ
ᠥᠮᠪᠦᠦ᠂ ᠥᠮᠪᠦᠦ

ᠤᠶᠠᠭᠠᠲᠠᠢ ᠲᠤᠭᠤᠯ ᠮᠥᠷᠭᠥᠬᠦ ᠦᠭᠡᠢ ᠰᠢᠦ
ᠤᠭᠰᠠᠷᠠᠭᠠᠲᠠᠢ ᠲᠡᠷᠭᠡ ᠳᠠᠭᠠᠷᠢᠬᠤ ᠦᠭᠡᠢ ᠰᠢᠦ
ᠭᠡᠨᠡᠳᠲᠡ ᠠᠷᠤ ᠠ᠋ᠴᠠ ᠣᠯᠢᠬᠤ ᠦᠭᠡᠢ ᠰᠢᠦ
ᠭᠡᠷ ᠪᠠᠷᠠᠭ᠎ᠠ ᠨᠤᠷᠠᠭᠠᠬᠤ ᠦᠭᠡᠢ ᠰᠢᠦ

ᠥᠮᠪᠦᠦ᠂ ᠥᠮᠪᠦᠦ
ᠥᠮᠪᠦᠦ᠂ ᠥᠮᠪᠦᠦ

ᠪᠤᠯᠴᠢᠩ ᠴᠢᠳᠠᠯ ᠶᠡᠬᠡᠳᠡᠭᠡᠳ
ᠪᠣᠭᠣᠯᠠᠭᠠᠨ ᠳ᠋ᠤ᠌ ᠬᠦᠵᠦᠭᠦᠦ ᠣᠷᠣᠳᠠᠭ ᠦᠭᠡᠢ
ᠲᠡᠩᠬᠡᠭᠡ ᠲᠠᠮᠢᠷ ᠢᠯᠡᠭᠦᠳᠡᠭᠡᠳ
ᠲᠡᠷᠭᠡᠨ ᠦ᠌ ᠠᠷᠠᠯ ᠳ᠋ᠤ᠌ ᠪᠠᠭᠲᠠᠳᠠᠭ ᠦᠭᠡᠢ

ᠥᠮᠪᠦᠦ᠂ ᠥᠮᠪᠦᠦ
ᠥᠮᠪᠦᠦ᠂ ᠥᠮᠪᠦᠦ

          1979 ᠣᠨ

   ᠦᠰᠦᠭ ᠠᠮᠢᠯᠠᠭᠤᠯᠤᠭᠴᠢ᠄ ᠰᠤᠳᠤᠯᠲᠤ
   ᠬᠢᠨᠠᠭᠴᠢ᠄ ᠣᠳᠬᠠᠨᠰᠣ᠎ᠠ