ᠢᠨᠵᠠᠭ᠎ᠠ ᠲᠠᠢ ᠰᠢᠷᠠᠭᠴᠢᠨ -ᠲᠠᠩᠭᠤᠳ ᠤ᠋ᠨ ᠭᠠᠯᠰᠠᠩ Янзагатай шарагчин-Тангадын Галсан
ᠲᠠᠩᠭᠤᠳ ᠤ᠋ᠨ ᠭᠠᠯᠰᠠᠩ
— ᠢᠨᠵᠠᠭ᠎ᠠ ᠲᠠᠢ ᠰᠢᠷᠠᠭᠴᠢᠨ ᠬᠠᠮᠢᠭ᠎ᠠ ᠡᠴᠢᠬᠦ ᠨᠢ ᠪᠣᠢ?
— ᠶᠠᠩᠬᠢᠷᠲᠤ ᠶ᠋ᠢᠨ ᠠᠭᠤᠯᠠ ᠶ᠋ᠢ ᠳᠠᠪᠠᠶ᠎ᠠ ᠳᠠ
—ᠠᠭᠤᠯᠠ ᠶ᠋ᠢ ᠳᠠᠪᠠᠭᠠᠳ ᠶᠠᠭᠠᠬᠢᠬᠤ ᠨᠢ ᠪᠣᠢ?
— ᠣᠨᠳᠣᠷᠣᠯ ᠪᠤᠯᠠᠭ ᠬᠦᠷᠦᠶ᠎ᠡ ᠳᠡ
— ᠬᠠᠷᠠᠵᠠ ᠪᠤᠯᠠᠭ ᠢ᠋ᠶ᠋ᠠᠷ ᠶᠠᠭᠠᠬᠢᠬᠤ ᠨᠢ ᠪᠣᠢ?
— ᠬᠠᠨᠲᠠᠯ᠎ᠠ ᠪᠠᠨ ᠤᠤᠭᠤᠭᠠᠳ ᠠᠪᠤᠶ᠎ᠠ ᠳᠠ
— ᠤᠰᠤ ᠤᠤᠭᠤᠭᠠᠳ ᠬᠠᠮᠢᠭ᠎ᠠ ᠡᠴᠢᠬᠦ ᠨᠢ ᠪᠣᠢ?
— ᠠᠭᠤᠳᠠᠮ ᠲᠠᠯ᠎ᠠ ᠳ᠋ᠤ᠌ ᠬᠦᠷᠦᠶ᠎ᠡ ᠳᠡ
— ᠲᠠᠯ᠎ᠠ ᠬᠦᠷᠦᠭᠡᠳ ᠶᠠᠭᠠᠬᠢᠬᠤ ᠨᠢ ᠪᠣᠢ?
— ᠳᠠᠭᠠᠨ᠎ᠠ ᠬᠦᠮᠡᠯᠢ ᠢᠳᠡᠶ᠎ᠡ ᠳᠡ
— ᠬᠦᠮᠡᠯᠢ ᠳᠠᠭᠠᠨ᠎ᠠ ᠪᠠᠷ ᠶᠠᠭᠠᠬᠢᠬᠤ ᠨᠢ ᠪᠣᠢ?
— ᠬᠥᠬᠥ ᠪᠡᠨ ᠰᠦ ᠪᠡᠷ ᠳᠦᠭᠦᠷᠭᠡᠶᠡ ᠳᠡ
— ᠥᠳᠬᠡᠨ ᠰᠦ ᠪᠡᠷ ᠶᠠᠭᠠᠬᠢᠬᠤ ᠨᠢ ᠪᠣᠢ?
— ᠥᠭᠡᠳᠡᠰᠥᠬᠡᠨ ᠢᠨᠵᠠᠭ᠎ᠠ ᠪᠠᠨ ᠬᠥᠬᠥᠭᠦᠯᠦᠶᠡ ᠳᠡ
— ᠥᠴᠦᠬᠡᠨ ᠢᠨᠵᠠᠭ᠎ᠠ ᠪᠠᠨ ᠶᠠᠭᠠᠬᠢᠬᠤ ᠨᠢ ᠪᠣᠢ?
— ᠥᠪᠡᠷ ᠰᠢᠭ ᠢ᠋ᠶ᠋ᠡᠨ ᠵᠡᠭᠡᠷ᠎ᠡ ᠪᠣᠯᠭᠠᠶ᠎ᠠ ᠳᠠ᠃
1977 ᠣᠨ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ ᠱᠠᠭᠰᠠᠯ᠂ ᠣᠳᠬᠠᠨᠰᠣ᠎ᠠ
