ᠪᠦᠬᠦ ᠵᠦᠢᠯ ᠳ᠋ᠦ᠍ ᠪᠠᠶᠠᠷᠯᠠᠯ᠎ᠠБөх зүйлд баярлалаа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠬᠦ ᠵᠦᠢᠯ ᠳ᠋ᠦ᠍ ᠪᠠᠶᠠᠷᠯᠠᠯ᠎ᠠБөх зүйлд баярлалаа

ᠪᠦᠬᠦ ᠵᠦᠢᠯ ᠳ᠋ᠦ᠍ ᠪᠠᠶᠠᠷᠯᠠᠯ᠎ᠠБөх зүйлд баярлалаа

2024-08-21

438

ᠪᠦᠬᠦ ᠵᠦᠢᠯ ᠳ᠋ᠦ᠍ ᠪᠠᠶᠠᠷᠯᠠᠯ᠎ᠠ

ᠬᠣᠷᠸ᠎ᠠ ᠶ᠋ᠢᠨ ᠬᠠᠮᠤᠭ ᠤ᠋ᠨ ᠨᠠᠨᠳᠢᠨ ᠴᠠᠭ ᠮᠥᠴᠡ ᠪᠣᠯ ᠬᠠᠢᠷᠠᠲᠤ ᠬᠥᠮᠦᠰ ᠲᠡᠢ ᠪᠡᠨ ᠬᠠᠮᠲᠤ ᠪᠠᠢᠬᠤ ᠦᠶ᠎ᠡ ᠮᠥᠨ᠃
ᠬᠥᠮᠦᠨ ᠢ᠋ ᠪᠦᠦ ᠰᠡᠵᠢᠭᠯᠡ ᠢᠲᠡᠭᠡᠵᠦ ᠠᠮᠢᠳᠤᠷᠠ᠂ ᠢᠲᠡᠭᠡᠯ ᠪᠣᠯ ᠵᠠᠮ ᠶᠤᠮ᠃
ᠬᠥᠮᠦᠨ ᠦ᠌ ᠬᠠᠮᠤᠭ ᠤ᠋ᠨ ᠶᠡᠬᠡ ᠠᠮᠵᠢᠯᠲᠠ ᠪᠣᠯ ᠢᠯᠠᠭᠳᠠᠯ ᠤ᠋ᠨ ᠡᠮᠦᠨ᠎ᠡ ᠪᠣᠰᠴᠤ ᠵᠣᠭᠰᠣᠬᠤ ᠳ᠋ᠤ᠌ ᠪᠣᠢ᠃
ᠬᠥᠮᠦᠨ ᠤᠬᠠᠭᠠᠷᠠᠬᠤ ᠲᠣᠰᠤᠮ ᠪᠤᠰᠤᠳ ᠤ᠋ᠨ ᠭᠡᠮ ᠢ᠋ ᠠᠭᠤᠴᠢᠯᠠᠬᠤ ᠪᠣᠯᠤᠨ᠎ᠠ᠃
ᠬᠥᠮᠦᠨ ᠪᠣᠯᠭᠠᠨ ᠤ᠋ ᠦᠷ᠎ᠡ ᠳ᠋ᠦᠩ ᠪᠣᠯ ᠥᠪᠡᠷ ᠢ᠋ ᠪᠡᠨ ᠱᠠᠭᠠᠷᠳᠠᠭᠰᠠᠨ ᠤ᠋ ᠬᠢᠷᠢ ᠬᠡᠮᠵᠢᠶ᠎ᠡ ᠮᠥᠨ᠃ ᠬᠦᠰᠡᠯ ᠡᠷᠡᠮᠡᠯᠵᠡᠯ ᠪᠣᠯ ᠰᠡᠳᠬᠢᠬᠦ ᠬᠣᠷᠣᠮ ᠵᠠᠢ ᠰᠤᠷᠠᠭ ᠳᠣᠬᠢᠶᠠᠨ ᠤ᠋ ᠬᠣᠯᠪᠣᠯᠲᠠ ᠶᠤᠮ᠃
ᠬᠥᠮᠦᠨ ᠦ᠌ ᠪᠣᠯᠪᠠᠰᠤᠷᠠᠯ ᠪᠣᠯ ᠨᠡᠢᠭᠡᠮ ᠦ᠋ᠨ ᠠᠮᠤᠷ ᠲᠣᠭᠲᠠᠭᠤᠨ ᠬᠥᠭᠵᠢᠯ ᠪᠠᠳᠠᠷᠠᠯ ᠤ᠋ᠨ ᠰᠠᠭᠤᠷᠢ ᠮᠥᠨ᠃
ᠬᠥᠮᠦᠨ ᠬᠥᠮᠦᠨ ᠢ᠋ᠶ᠋ᠡᠨ ᠪᠦᠦ ᠮᠠᠭᠤᠯᠠ ᠰᠡᠳᠬᠢᠯ ᠭᠣᠮᠣᠳᠠᠨ᠎ᠠ᠃
※ᠰᠤᠷᠭᠠᠯ ᠦᠭᠡᠰ
ᠠᠮᠠ ᠪᠠᠷ ᠵᠢᠮᠡᠯᠡᠭᠰᠡᠨ ᠦᠭᠡ ᠴᠢᠬᠢᠨ ᠳ᠋ᠦ᠍ ᠬᠣᠩᠬᠣ ᠪᠣᠯᠳᠠᠭ
ᠤᠬᠠᠭᠠᠨ ᠢ᠋ᠶ᠋ᠠᠷ ᠰᠤᠷᠭᠠᠭᠰᠠᠨ ᠦᠭᠡ ᠵᠢᠷᠦᠬᠡᠨ ᠳ᠋ᠦ᠍ ᠲᠠᠮᠢᠷ ᠪᠣᠯᠳᠠᠭ
ᠮᠢᠨᠦ ᠬᠠᠮᠤᠭ ᠤ᠋ᠨ ᠵᠢᠷᠭᠠᠯ ᠲᠠᠢ ᠮᠥᠴᠡ ᠪᠣᠯ ᠲᠥᠷᠥᠯᠬᠢ ᠬᠡᠯᠡ ᠪᠡᠷ ᠢ᠋ᠶ᠋ᠡᠨ ᠶᠠᠷᠢᠵᠤ ᠪᠢᠴᠢᠵᠦ ᠤᠩᠰᠢᠬᠤ ᠦᠶ᠎ᠡ ᠪᠣᠯᠤᠨ᠎ᠠ᠃
ᠨᠠᠷᠠ ᠲᠤᠰᠬᠤ ᠳ᠋ᠤ᠌ ᠪᠠᠨ ᠬᠥᠮᠦᠨ ᠦ᠌ ᠨᠢᠷᠤᠭᠤᠨ ᠳ᠋ᠤ᠌ ᠪᠢᠰᠢ ᠵᠢᠷᠦᠬᠡᠨ ᠳ᠋ᠦ᠍ ᠲᠣᠰᠳᠠᠭ᠃
ᠳᠠᠪᠠᠯᠭᠠᠨ ᠬᠡᠳᠦᠢ ᠶᠡᠬᠡ ᠴᠤ᠌ ᠣᠩᠭᠣᠴᠠᠨ ᠳᠣᠣᠷ᠎ᠠ ᠠᠭᠤᠯᠠ ᠬᠡᠳᠦᠢ ᠥᠨᠳᠥᠷ ᠪᠣᠯᠪᠠᠴᠤ ᠤᠯᠠ ᠶ᠋ᠢᠨ ᠳᠣᠣᠷ᠎ᠠ
ᠦᠨᠡᠨ ᠨᠢ ᠴᠡᠪᠡᠷ ᠪᠣᠯ ᠲᠡᠷᠡ ᠬᠥᠮᠦᠨ ᠦ᠌ ᠵᠠᠶᠠᠭ᠎ᠠ ᠨᠢ ᠴᠡᠪᠡᠷ᠃
ᠬᠡᠵᠢᠶ᠎ᠡ ᠴᠦ᠍ ᠭᠡᠰᠡᠨ ᠥᠪᠡᠷ ᠦ᠋ᠨ ᠪᠠᠶᠠᠨ ᠳ᠋ᠤ᠌ ᠪᠠᠨ ᠢᠲᠡᠭᠡᠯ ᠬᠠᠢᠷᠠᠯᠠ᠂ ᠲᠡᠭᠡᠪᠡᠯ ᠭᠠᠢᠬᠠᠮᠰᠢᠭ ᠴᠢᠮ᠎ᠠ ᠳ᠋ᠤ᠌ ᠢᠷᠡᠨ᠎ᠡ᠃
ᠬᠥᠮᠦᠨ ᠬᠣᠨᠵᠢᠭᠠᠳ ᠪᠠᠶᠠᠵᠢᠳᠠᠭ ᠦᠭᠡᠢ ᠬᠠᠷᠢᠨ ᠠᠷᠪᠢᠯᠠᠪᠠᠯ ᠪᠠᠶᠠᠵᠢᠳᠠᠭ᠃
ᠡᠴᠢᠭᠡ ᠬᠥᠮᠦᠨ ᠨᠣᠮ ᠤᠩᠰᠢᠪᠠᠯ ᠥᠷᠭᠡᠨ ᠬᠠᠷᠠᠭ᠎ᠠ ᠲᠡᠯᠡᠭᠳᠡᠳᠡᠭ
ᠡᠬᠡ ᠬᠥᠮᠦᠨ ᠨᠣᠮ ᠤᠩᠰᠢᠪᠠᠯ ᠤᠳᠤᠮ ᠦᠷ᠎ᠡ ᠬᠡᠬᠡᠷᠡᠳᠡᠭ
ᠦᠷ᠎ᠡ ᠬᠡᠦᠬᠡᠳ ᠨᠣᠮ ᠤᠩᠰᠢᠪᠠᠯ ᠢᠷᠡᠬᠦ ᠮᠠᠷᠭᠠᠰᠢ ᠰᠠᠷᠠᠭᠤᠯᠵᠢᠳᠠᠭ᠃
ᠵᠣᠷᠢᠭᠲᠠᠢ ᠰᠠᠢᠨ ᠡᠷ᠎ᠡ ᠬᠥᠮᠦᠨ ᠵᠥᠪ ᠢ᠋ ᠳᠠᠭᠠᠵᠤ ᠪᠤᠷᠤᠭᠤ ᠶ᠋ᠢ ᠵᠢᠭᠰᠢᠪᠡᠯ ᠵᠣᠷᠢᠭᠰᠠᠨ ᠳ᠋ᠤ᠌ ᠪᠠᠨ ᠬᠥᠷᠥᠮᠦᠢ᠃— ᠴᠢᠩᠭᠢᠰ ᠬᠠᠭᠠᠨ
ᠬᠠᠷᠢᠯᠴᠠᠬᠤ ᠨᠢ ᠮᠡᠨᠳᠦᠯᠡᠬᠦ ᠡᠴᠡ ᠡᠬᠢᠯᠡᠳᠡᠭ
ᠬᠠᠮᠲᠤᠷᠠᠬᠤ ᠨᠢ ᠲᠤᠰᠠᠯᠠᠬᠤ ᠠ᠋ᠴᠠ ᠡᠬᠢᠯᠡᠳᠡᠭ
ᠬᠠᠢᠷᠠᠯᠠᠬᠤ ᠨᠢ ᠬᠦᠨᠳᠦᠯᠡᠬᠦ ᠡᠴᠡ ᠡᠬᠢᠯᠡᠳᠡᠭ᠃
ᠤᠴᠢᠷ ᠮᠡᠳᠡᠬᠦ ᠦᠭᠡᠢ ᠬᠥᠮᠦᠨ ᠳ᠋ᠦ᠍ ᠰᠤᠷᠭᠠᠯ ᠦᠭᠡ ᠬᠡᠯᠡᠬᠦ ᠨᠢ ᠤᠷᠭᠤᠴᠠ ᠮᠠᠭᠤ ᠲᠠᠢ ᠭᠠᠵᠠᠷ ᠲᠠᠷᠢᠶ᠎ᠠ ᠬᠠᠶᠠᠭᠰᠠᠨ ᠲᠠᠢ ᠠᠳᠠᠯᠢ᠃
ᠠᠬ᠎ᠠ ᠡᠭᠡᠴᠢ ᠳᠡᠭᠦᠦ ᠨᠠᠷ ᠪᠣᠯ ᠴᠤᠪᠤᠷᠠᠯ ᠪᠢᠴᠢᠭ ᠶᠦᠮ
ᠠᠨᠳᠠ ᠨᠠᠢᠵᠠ ᠨᠥᠬᠥᠳ ᠪᠣᠯ ᠯᠠᠪᠯᠠᠬᠤ ᠪᠢᠴᠢᠭ ᠶᠦᠮ
ᠠᠵᠠᠢ ᠪᠤᠭᠤᠷᠤᠯ ᠨᠠᠰᠤᠲᠠᠳ ᠪᠣᠯ ᠲᠡᠦᠬᠡ ᠶ᠋ᠢᠨ ᠪᠢᠴᠢᠭ ᠶᠦᠮ
ᠠᠪᠢᠶᠠᠰ ᠪᠢᠯᠢᠭᠲᠦ ᠡᠷᠳᠡᠮᠲᠡᠳ ᠪᠣᠯ ᠲᠣᠯᠢ ᠪᠢᠴᠢᠭ ᠶᠦᠮ᠃
ᠠᠯᠬᠤᠳᠠᠯ ᠳᠡᠭᠡᠷ᠎ᠡ ᠴᠢᠨᠢ ᠴᠡᠴᠡᠭ ᠳᠡᠯᠭᠡᠷ
ᠠᠯᠠᠭᠠᠨ ᠳᠡᠭᠡᠷ᠎ᠡ ᠴᠢᠨᠢ ᠡᠷᠳᠡᠨᠢ ᠳᠡᠯᠭᠡᠷ
ᠡᠭᠦᠳᠡᠨ ᠳᠡᠭᠡᠷ᠎ᠡ ᠴᠢᠨᠢ ᠪᠤᠶᠠᠨ ᠳᠡᠯᠭᠡᠷ
ᠠᠵᠢᠯ ᠳᠡᠭᠡᠷ᠎ᠡ ᠴᠢᠨᠢ ᠠᠮᠵᠢᠯᠲᠠ ᠳᠡᠯᠭᠡᠷ

   ᠢᠷᠡᠯᠲᠡ᠄ ᠰᠦᠯᠵᠢᠶᠡᠨ ᠡᠴᠡ ᠲᠡᠭᠦᠵᠦ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
   ᠬᠢᠨᠠᠯᠲᠠ᠄ ᠭᠠᠷᠮ᠎ᠠ