ᠠᠪᠤᠷᠭᠤ ᠶ᠋ᠢᠨ ᠥᠯᠥᠭᠡᠢ- ᠦᠵᠦᠮᠦᠴᠢᠨ -ᠳ᠂ ᠪᠠᠭᠠᠲᠤᠷАваргын өлгий- Үзэмчин Д,Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤᠷᠭᠤ ᠶ᠋ᠢᠨ ᠥᠯᠥᠭᠡᠢ- ᠦᠵᠦᠮᠦᠴᠢᠨ -ᠳ᠂ ᠪᠠᠭᠠᠲᠤᠷАваргын өлгий- Үзэмчин Д,Баатар

ᠠᠪᠤᠷᠭᠤ ᠶ᠋ᠢᠨ ᠥᠯᠥᠭᠡᠢ- ᠦᠵᠦᠮᠦᠴᠢᠨ -ᠳ᠂ ᠪᠠᠭᠠᠲᠤᠷАваргын өлгий- Үзэмчин Д,Баатар

2024-08-21

2842

ᠠᠪᠤᠷᠭᠤ ᠶ᠋ᠢᠨ ᠥᠯᠥᠭᠡᠢ- ᠦᠵᠦᠮᠦᠴᠢᠨ

     ᠳ᠂ ᠪᠠᠭᠠᠲᠤᠷ 
     ᠰᠠᠢᠬᠠᠨᠳᠠᠯᠠᠢ ᠤᠶᠠᠩᠭᠠᠯᠠᠪᠠ 

ᠥᠨᠢ ᠡᠷᠲᠡᠨ ᠦ᠌ ᠰᠢᠪᠰᠢᠯᠭᠡ ᠨᠡᠭᠦᠳᠡᠯ ᠦ᠋ᠨ ᠲᠣᠭᠣᠰᠣ ᠲᠠᠢ ᠵᠢᠩᠰᠡᠷᠡᠨ᠎ᠡ 
ᠦᠵᠦᠮᠦᠴᠢᠨ ᠬᠤᠰᠢᠭᠤᠨ ᠤ᠋ ᠳᠦᠭᠦᠷᠡᠩᠵᠠᠭᠠᠨ ᠠᠷᠠᠳ ᠤ᠋ᠨ ᠢ᠋ᠶ᠋ᠠᠨ ᠳᠠᠭᠤᠨ ᠠ᠋ᠴᠠ ᠲᠣᠳᠣᠷᠠᠨ᠎ᠠ 
ᠥᠩᠭᠡ ᠥᠩᠭᠡ ᠶ᠋ᠢᠨ ᠵᠠᠩᠭᠢᠶ᠎ᠠ ᠪᠠᠷ ᠳᠣᠮᠣᠭ ᠦᠨᠡᠨ ᠢ᠋ ᠴᠥᠷᠬᠦᠯᠡᠭᠰᠡᠨ 
ᠦᠶ᠎ᠡ ᠦᠶ᠎ᠡ ᠶ᠋ᠢᠨ ᠪᠥᠬᠡᠴᠦᠳ ᠬᠡᠢᠮᠣᠷᠢ ᠰᠡᠷᠭᠦᠭᠡᠵᠦ ᠳᠡᠪᠢᠵᠡᠭᠡᠨ᠎ᠡ 
ᠠᠢ ᠬᠦ ᠦᠵᠦᠮᠦᠴᠢᠨ— ᠠᠪᠤᠷᠭᠤ ᠶ᠋ᠢᠨ ᠳᠡᠪᠢᠯᠭᠡ ᠲᠡᠢ 
ᠠᠢ ᠬᠦ ᠦᠵᠦᠮᠦᠴᠢᠨ— ᠠᠯᠲᠠᠨ ᠳᠡᠯᠡᠬᠡᠢ ᠶ᠋ᠢᠨ ᠦᠵᠦᠮᠦᠴᠢᠨ ᠠ᠋ 

ᠥᠪᠥᠷ ᠠᠷᠤ ᠶ᠋ᠢ ᠰᠤᠨᠳᠠᠯᠠᠭᠰᠠᠨ ᠡᠭᠦᠷ ᠰᠡᠭᠦᠯᠲᠦ ᠶ᠋ᠢᠨ ᠳᠣᠮᠣᠭ ᠨᠢ 
ᠦᠦᠷ ᠦ᠋ᠨ ᠬᠢᠷᠠᠭ᠎ᠠ ᠶ᠋ᠢ ᠢᠷᠠᠭᠰᠠᠨ ᠮᠣᠷᠢᠳ ᠤ᠋ᠨ ᠭᠠᠷᠤᠭᠠᠨ ᠠ᠋ᠴᠠ ᠰᠢᠷᠤᠩᠬᠠᠢᠯᠠᠨ᠎ᠠ
ᠡᠭᠦᠯᠡ ᠲᠡᠢ ᠨᠠᠷᠠ ᠲᠠᠢ ᠣᠷᠴᠢᠯᠠᠩ ᠳ᠋ᠤ᠌ ᠮᠣᠩᠭᠣᠯ ᠤ᠋ᠨ ᠵᠢᠪᠬᠤᠭ᠎ᠠ ᠶ᠋ᠢ ᠪᠠᠳᠠᠷᠠᠭᠠᠭᠰᠠᠨ
ᠦᠯᠢᠭᠡᠷ ᠦ᠋ᠨ ᠶᠤᠮᠰᠢᠭ ᠥᠴᠥᠭᠡᠳᠦᠷ ᠵᠢᠷᠦᠬᠡᠨ ᠳ᠋ᠦ᠍ ᠣᠢᠷᠠᠬᠠᠨ ᠰᠠᠨᠠᠭᠳᠠᠨ᠎ᠠ
ᠠᠢ ᠬᠦ ᠦᠵᠦᠮᠦᠴᠢᠨ— ᠠᠳᠤᠭᠤᠨ ᠤ᠋ ᠦᠦᠷᠰᠡᠭᠡ ᠲᠡᠢ
ᠠᠢ ᠬᠦ ᠦᠵᠦᠮᠦᠴᠢᠨ— ᠠᠯᠲᠠᠨ ᠳᠡᠯᠡᠬᠡᠢ ᠶ᠋ᠢᠨ ᠦᠵᠦᠮᠦᠴᠢᠨ ᠠ᠋

ᠡᠷ᠎ᠡ ᠶ᠋ᠢᠨ ᠴᠡᠴᠡ ᠶ᠋ᠢ ᠰᠢᠯᠭᠠᠭᠰᠠᠨ ᠡᠷᠴᠢᠲᠦ ᠰᠤᠮᠤᠨ ᠤ᠋ ᠢᠰᠬᠡᠷᠦᠭᠡᠨ ᠡᠴᠡ
ᠡᠷᠡᠬᠡᠢ ᠮᠡᠷᠭᠡᠨ ᠰᠤᠷᠴᠢᠳ ᠤ᠋ᠨ ᠠᠭᠠᠷᠬᠠᠯ ᠴᠠᠯᠭᠢᠨ ᠰᠣᠨᠣᠰᠤᠭᠳᠠᠨ᠎ᠠ
ᠡᠷᠲᠡᠨ ᠢ᠋ ᠡᠳᠦᠭᠡ ᠳ᠋ᠦ᠍ ᠬᠠᠷᠠᠭᠤᠯᠤᠭᠰᠠᠨ ᠶᠡᠬᠡ ᠨᠠᠢᠷ ᠤ᠋ᠨ ᠳᠡᠪᠵᠢᠶᠡᠨ ᠡᠴᠡ
ᠡᠷᠡᠯᠬᠡᠭ ᠮᠣᠩᠭᠣᠯ ᠳᠠᠢᠴᠢᠳ ᠤ᠋ᠨ ᠤᠤᠬᠠᠢ ᠶ᠋ᠢᠨ ᠳᠠᠭᠤᠨ ᠴᠤᠤᠷᠢᠶᠠᠲᠤᠨ᠎ᠠ
ᠠᠢ ᠬᠦ ᠦᠵᠦᠮᠦᠴᠢᠨ— ᠰᠤᠷᠴᠢᠳ ᠤ᠋ᠨ ᠵᠢᠪᠬᠤᠭ᠎ᠠ ᠲᠠᠢ
ᠠᠢ ᠬᠦ ᠦᠵᠦᠮᠦᠴᠢᠨ— ᠠᠯᠲᠠᠨ ᠳᠡᠯᠡᠬᠡᠢ ᠶ᠋ᠢᠨ ᠦᠵᠦᠮᠦᠴᠢᠨ ᠠ᠋

  2005 ᠣᠨ᠂ ᠪᠠᠷᠠᠭᠤᠨ ᠦᠵᠦᠮᠦᠴᠢᠨ

   ᠦᠰᠦᠭ ᠠᠮᠢᠯᠠᠭᠤᠯᠤᠭᠴᠢ᠄ ᠭᠡᠷᠡᠯ
   ᠦᠰᠦᠭ ᠬᠠᠲᠠᠭᠴᠢ᠄ ᠣᠳᠬᠣᠨᠴᠡᠴᠡᠭ
   ᠬᠢᠨᠠᠭᠴᠢ ᠪᠠᠭᠰᠢ᠄ ᠷ᠂ ᠴᠢᠷᠮᠠᠢᠯᠲᠤ