ᠬᠠᠮᠤᠭ ᠰᠠᠢᠬᠠᠨ ᠮᠣᠷᠢ - ᠭᠣᠮᠪᠤᠰᠦ᠋ᠷᠦᠩ ᠦ᠋ᠨ ᠪᠠᠲᠤ Хамаг сайхан морь-Гомбосүрэнгийн Бат
ᠭᠣᠮᠪᠤᠰᠦ᠋ᠷᠦᠩ ᠦ᠋ᠨ ᠪᠠᠲᠤ
ᠶᠠᠮᠠᠷ ᠮᠣᠷᠢ ᠶ᠋ᠢ
ᠰᠠᠢᠬᠠᠨ ᠪᠣᠢ? ᠭᠡᠪᠡᠯ
ᠶᠠᠭᠠᠬᠢᠭᠰᠠᠨ ᠴᠤ᠌ ᠪᠢ
ᠪᠣᠳᠣᠬᠤ ᠦᠭᠡᠢ ᠬᠠᠷᠢᠭᠤᠯᠤᠨ᠎ᠠ
ᠨᠢᠭᠡᠯᠡ ᠮᠣᠷᠢ ᠶ᠋ᠢ
ᠰᠠᠢᠬᠠᠨ ᠭᠡᠵᠦ
ᠨᠡᠭᠡᠷᠡᠨ ᠪᠠᠰᠠ
ᠬᠡᠯᠡᠵᠦ ᠴᠢᠳᠠᠨ᠎ᠠ᠃
ᠲᠡᠷᠡ ᠮᠣᠷᠢ ᠶ᠋ᠢ
ᠰᠠᠢᠨ ᠮᠡᠳᠡᠨ᠎ᠡ
ᠲᠡᠷᠭᠡᠴᠢᠨ ᠡᠪᠦᠭᠡ ᠶ᠋ᠢᠨ
ᠬᠠᠢᠷᠠᠲᠠᠢ ᠮᠣᠷᠢ!
ᠡᠪᠦᠭᠡ ᠭᠡᠬᠦ ᠡᠴᠡ
ᠨᠡᠷ᠎ᠡ ᠶ᠋ᠢ ᠨᠢ ᠮᠡᠳᠡᠬᠦ ᠦᠭᠡᠢ
ᠥᠪᠡᠷ ᠢ᠋ᠶ᠋ᠡᠨ ᠨᠠᠳᠠ ᠳ᠋ᠤ᠌
ᠬᠡᠯᠡᠭᠰᠡᠨ ᠪᠢᠰᠢ ᠳᠡ
ᠡᠪᠦᠯ ᠦ᠋ᠨ ᠡᠪᠦᠭᠡᠨ ᠰᠢᠭ
ᠴᠠᠭᠠᠨ ᠰᠠᠬᠠᠯ ᠲᠠᠢ
ᠥᠨᠳᠥᠷ ᠠᠬ᠎ᠠ
ᠪᠠᠢᠳᠠᠭ ᠶᠤᠮ ᠳᠠ᠃
ᠡᠪᠦᠭᠡ ᠮᠣᠷᠢ ᠲᠠᠢ ᠪᠠᠨ
ᠥᠷᠯᠥᠭᠡ ᠭᠠᠷᠤᠨ᠎ᠠ
ᠥᠴᠢᠨᠡᠨ ᠰᠠᠢᠬᠠᠨ
ᠶᠠᠭᠤᠮ᠎ᠠ ᠠᠪᠴᠢᠷᠠᠨ᠎ᠠ
ᠲᠠᠷᠠᠭ᠂ ᠰᠦ
ᠲᠠᠯᠬ᠎ᠠ ᠪᠣᠣᠪᠣ
ᠮᠠᠨᠵᠢᠨ᠂ ᠲᠥᠮᠥᠰᠥ
ᠮᠢᠬ᠎ᠠ ᠲᠣᠰᠣ
ᠶᠠᠭᠤ ᠴᠡᠴᠡᠷᠯᠢᠭ ᠲᠦ᠍
ᠬᠡᠷᠡᠭ ᠲᠡᠢ ᠪᠠᠢᠳᠠᠭ ᠪᠣᠢ
ᠶᠠᠭᠤᠮ᠎ᠠ ᠪᠦᠭᠦᠳᠡ ᠶ᠋ᠢ ᠣᠯᠤᠭᠠᠳ ᠢᠷᠡᠨ᠎ᠡ᠃
ᠣᠷᠣᠢ ᠥᠭᠳᠡᠭ
ᠠᠯᠢᠮ᠎ᠠ ᠰᠢᠬᠢᠷ ᠢ᠋
ᠣᠯᠠᠨ ᠣᠯᠠᠨ ᠢ᠋ᠶ᠋ᠠᠷ ᠨᠢ
ᠠᠴᠢᠭᠠᠳ ᠢᠷᠡᠨ᠎ᠡ᠃
ᠮᠣᠷᠢ ᠮᠣᠷᠢᠨ ᠠ᠋ᠴᠠ ᠰᠠᠢᠬᠠᠨ ᠮᠣᠷᠢ
ᠮᠠᠨ ᠤ᠋ ᠴᠡᠴᠡᠷᠯᠢᠭ ᠦ᠋ᠨ
ᠲᠡᠷᠭᠡᠨ ᠦ᠌ ᠮᠣᠷᠢ᠃
1976 ᠣᠨ
ᠦᠰᠦᠭ ᠠᠮᠢᠯᠠᠭᠤᠯᠤᠭᠴᠢ᠄ ᠸᠠᠩ᠂ ᠪᠠᠳᠮ᠎ᠠ᠂ ᠤᠷᠠᠨᠴᠢᠮᠡᠭ
ᠬᠢᠨᠠᠭᠴᠢ᠄ ᠴᠠᠬᠠᠷ ᠪᠠᠲᠤ᠂ ᠭᠠᠷᠮ᠎ᠠ᠂ ᠣᠳᠬᠠᠨᠰᠣ᠎ᠠ
