ᠬᠠᠷᠠᠬᠠᠨ ᠨᠠᠢᠵᠠ -ᠳᠦᠪᠳᠡᠨᠰᠥ᠋ᠷᠦᠩ ᠦ᠋ᠨ ᠵᠠᠮᠢᠶᠠᠨᠰᠥ᠋ᠷᠦᠩ Хараахан найз-Түвдэнсүрэнгийн Жамъянсүрэн
ᠳᠦᠪᠳᠡᠨᠰᠥ᠋ᠷᠦᠩ ᠦ᠋ᠨ ᠵᠠᠮᠢᠶᠠᠨᠰᠥ᠋ᠷᠦᠩ
ᠴᠡᠩᠬᠡᠷ ᠢᠰᠢᠭᠡ ᠶ᠋ᠢ
ᠡᠬᠡ ᠡᠴᠡ ᠲᠥᠷᠥᠬᠦ ᠳ᠋ᠦ᠍
ᠴᠡᠯᠮᠡᠭ ᠰᠠᠢᠬᠠᠨ
ᠨᠠᠷᠠ ᠲᠠᠢ ᠪᠠᠢᠵᠠᠢ᠃
ᠬᠠᠷᠠᠬᠠᠨ ᠰᠡᠭᠦᠳᠡᠷ ᠢ᠋ᠶ᠋ᠡᠨ
ᠢᠰᠢᠭᠡ ᠬᠠᠷᠠᠭᠠᠳ
ᠬᠠᠨᠢ ᠲᠠᠢ ᠪᠠᠢᠨ᠎ᠠ ᠭᠡᠵᠦ
ᠢᠲᠡᠭᠡᠵᠦ ᠪᠠᠢᠵᠠᠢ᠃
ᠣᠷᠣᠢ ᠪᠣᠯᠵᠤ
ᠨᠠᠷᠠ ᠰᠢᠩᠭᠡᠬᠦ ᠳ᠋ᠦ᠍
ᠤᠷᠢ ᠭᠠᠭᠴᠠᠭᠠᠷ
ᠪᠣᠯᠴᠢᠬᠠᠵᠠᠢ ᠭᠡᠨ᠎ᠡ᠃
ᠦᠨᠡᠨᠴᠢ ᠠᠨᠳᠠ ᠪᠠᠨ
ᠢᠰᠢᠭᠡ ᠬᠠᠢᠭᠠᠳ
ᠡᠭᠦᠪᠡᠷ ᠲᠡᠭᠦᠪᠡᠷ
ᠬᠡᠰᠦᠨ ᠪᠡᠳᠡᠷᠢᠪᠡ᠃
ᠨᠥᠬᠥᠷ ᠢ᠋ᠶ᠋ᠡᠨ ᠣᠯᠣᠯ ᠦᠭᠡᠢ
ᠪᠦᠷᠦᠩᠬᠦᠢ ᠪᠣᠯᠭᠠᠭᠠᠳ
ᠨᠢᠳᠦᠨ ᠳ᠋ᠡᠭᠡᠨ ᠨᠢᠯᠪᠤᠰᠤ ᠲᠠᠢ
ᠨᠤᠭᠳᠤᠢᠨ ᠤᠨᠲᠠᠪᠠ᠃
ᠥᠷᠯᠥᠭᠡ ᠰᠡᠷᠡᠬᠦ ᠳ᠋ᠦ᠍ᠨᠢ
ᠨᠠᠷᠠᠨ ᠮᠠᠨᠳᠤᠭᠠᠳ
ᠥᠨᠥᠬᠢ ᠨᠠᠢᠵᠠ ᠨᠢ
ᠢᠷᠡᠭᠰᠡᠨ ᠪᠠᠢᠵᠠᠢ ᠭᠡᠨ᠎ᠡ᠃
1965 ᠣᠨ
ᠦᠰᠦᠭ ᠠᠮᠢᠯᠠᠭᠤᠯᠤᠭᠴᠢ᠄ ᠴᠠᠬᠠᠷ ᠪᠠᠲᠤ ᠂ ᠤᠷᠠᠨᠴᠢᠮᠡᠭ
ᠬᠢᠨᠠᠭᠴᠢ᠄ ᠰᠡᠬᠡᠭᠡᠷᠡᠯ᠂ ᠣᠳᠬᠠᠨᠰᠣ᠎ᠠ
