ᠶᠠᠭᠤᠨ ᠳ᠋ᠤᠷ ᠪᠡᠯᠡᠳᠬᠡᠨᠡᠮ ᠪᠣᠢ – ᠶᠣᠨᠳᠣᠨ ᠤ ᠪᠢᠯᠢᠭ᠌ - ᠪᠠᠭᠠᠲᠤᠷ Юун дур бэлтгэнэм бий – Ёндоны Билиг - Баатар
ᠶᠠᠭᠤᠨ ᠳ᠋ᠤᠷ ᠪᠡᠯᠡᠳᠬᠡᠨᠡᠮ ᠪᠣᠢ
ᠬᠤᠷᠮᠤᠰᠲᠠ ᠲᠡᠭᠷᠢ ᠶ᠋ᠢᠨ ᠴᠡᠭᠡᠯ ᠢ᠋ ᠲᠤᠯᠤᠭᠠᠳ
ᠦᠵᠡᠭᠳᠡᠬᠦ ᠦᠭᠡᠢ ᠶ᠋ᠢᠨ ᠬᠢᠵᠠᠭᠠᠷ ᠲᠤ᠌ ᠪᠠᠢᠬᠤ
ᠬᠣᠨᠢᠳ ᠤ᠋ᠨ ᠨᠢᠳᠦᠨ ᠬᠠᠮᠤᠭ ᠣᠳᠣᠳ ᠢ᠋
ᠠᠯᠲᠠᠨ ᠱᠠᠭ᠎ᠠ ᠰᠢᠭ᠋ ᠬᠤᠷᠢᠶᠠᠩᠬᠠᠨ
ᠠᠳᠬᠤᠨ ᠳ᠋ᠠᠭᠠᠨ ᠬᠤᠮᠢᠬᠤ ᠭᠡᠪᠡᠦ ᠳᠡ
ᠬᠤᠢ ᠰᠠᠯᠬᠢ ᠰᠢᠭ᠋ ᠬᠣᠩᠭᠣᠷ ᠵᠠᠯᠠᠭᠤᠰ ᠮᠢᠨᠢ
ᠠᠯᠢ ᠡᠰᠡᠪᠡᠯ᠂ ᠪᠥᠭᠡᠷᠡᠯᠢᠭ ᠪᠥᠮᠪᠥᠷᠴᠡᠭ ᠢ᠋
ᠠᠷᠠᠰᠤᠨ ᠪᠥᠰᠡᠨ ᠳ᠋ᠡᠭᠡᠨ ᠤᠶᠠᠬᠤ ᠭᠡᠪᠡᠦ
ᠠᠯᠢ ᠡᠰᠡᠪᠡᠯ᠂ ᠶᠠᠰᠤᠨ ᠬᠢᠷ᠎ᠠ ᠲᠠᠢ
ᠪᠦᠬᠦᠷᠭᠡᠨ ᠳᠤᠮᠳᠠ ᠪᠠᠨ ᠲᠣᠬᠣᠬᠤ ᠭᠡᠪᠡᠦ
ᠠᠤᠭ᠎ᠠ ᠠᠯᠤᠰ ᠢ᠋ ᠰᠢᠷᠦᠭᠦᠨ ᠡᠪᠬᠡᠭᠡᠳ
ᠪᠤᠷᠬᠠᠨ ᠬᠠᠯᠳᠤᠨ ᠢ᠋ᠶ᠋ᠠᠨ ᠵᠣᠷᠢᠬᠤ ᠭᠡᠪᠡᠦ
ᠤᠴᠢᠷ ᠪᠢᠲᠡᠭᠦᠯᠢᠭ ᠶᠠᠭᠤ ᠨᠢᠭᠡᠨ ᠵᠦᠭ
ᠤᠬᠠᠭᠠᠨ ᠵᠣᠷᠢᠭ ᠢ᠋ᠶ᠋ᠠᠨ ᠰᠣᠷᠢᠬᠤ ᠭᠡᠪᠡᠦ
ᠶᠠᠮᠠᠷᠴᠤ ᠭᠡᠰᠡᠨ ᠠᠯᠢᠪᠠ ᠶᠠᠭᠤᠮᠠᠨ ᠳ᠋ᠤ᠌
ᠤᠯᠠ ᠰᠠᠭᠤᠷᠢᠯᠢᠭ ᠪᠡᠯᠡᠳᠬᠡᠯ ᠬᠡᠷᠡᠭᠲᠡᠢ ᠰᠢᠦ
ᠡᠩᠬᠡ ᠲᠠᠢᠪᠤᠩ ᠤ᠋ᠨ ᠭᠣᠯᠣᠮᠲᠠ ᠳ᠋ᠤ᠌
ᠡᠷᠡᠭᠦᠯ ᠰᠠᠷᠠᠭᠤᠯ ᠠᠮᠢᠳᠤᠷᠠᠭ᠎ᠠ ᠴᠦ᠍ ᠭᠡᠯᠡ
ᠡᠮᠡᠭᠡᠯ ᠳᠡᠭᠡᠷ᠎ᠡ ᠪᠠᠨ ᠯᠠ ᠰᠡᠷᠭᠡᠭ ᠪᠠᠢ!
ᠡᠵᠡᠨ ᠵᠠᠷᠯᠢᠭ ᠬᠡᠵᠢᠶ᠎ᠡ ᠴᠦ᠍ ᠪᠠᠭᠤᠬᠤ ᠮᠠᠭᠠᠳ
ᠮᠤᠩᠬᠠᠭ ᠥᠴᠦᠬᠡᠨ ᠮᠠᠭᠤ ᠠᠬ᠎ᠠ ᠨᠢ ᠪᠢ
ᠮᠣᠷᠢᠲᠠᠨ ᠳᠡᠭᠦᠦᠳᠡᠢ ᠨᠠᠷ ᠢ᠋ᠶ᠋ᠠᠨ ᠢᠲᠡᠭᠡᠨᠡᠮ
ᠲᠡᠭᠡᠭᠡᠳ ᠯᠡ ᠢᠷᠡᠬᠦ ᠨᠢᠭᠡᠨ ᠮᠥᠴᠡ ᠳ᠋ᠦ᠍
ᠲᠡᠭᠷᠢ ᠶ᠋ᠢᠨ ᠠᠶᠤᠩᠭᠠᠨ ᠳᠣᠣᠭᠤᠷ ᠳᠠᠪᠬᠢᠨ
ᠨᠣᠬᠠᠢ ᠮᠣᠷᠢᠨ ᠤ᠋ ᠬᠦᠴᠦ ᠪᠡᠨ ᠲᠠᠨᠠᠷ ᠲᠠᠭᠠᠨ
ᠨᠣᠮᠣᠬᠠᠨ ᠰᠢᠳᠤᠷᠭᠤ ᠪᠠᠷ ᠡᠷᠭᠦᠨ ᠵᠢᠳᠬᠦᠨᠡᠮ᠃
2024᠂ 08᠂ 17᠃14:29᠃ ᠮᠢᠨᠦ᠋ᠲ
ᠤᠮᠠᠷᠠᠲᠤ ᠬᠢᠵᠠᠭᠠᠷ ᠤ᠋ᠨ ᠵᠠᠯᠠᠭᠤ ᠵᠢᠷᠦᠬᠡ ¥
ᠲᠠᠯ᠎ᠠ ᠨᠤᠲᠤᠭ ᠤ᠋ᠨ ᠭᠡᠷᠡᠯᠲᠦ ᠰᠤᠪᠤᠭ ᠬᠡᠮᠡᠬᠦᠢ
ᠰᠢᠯᠢ ᠶ᠋ᠢᠨ ᠬᠣᠲᠠᠨ᠎ᠠ ᠡᠷᠬᠢᠮ ᠠᠨᠳᠠ ᠶ᠋ᠢᠨ
《ᠵᠢᠷᠭᠤᠭᠠᠨ ᠰᠠᠢᠨ》※ ᠳ᠋ᠤᠷ ᠬᠢᠴᠢᠶᠡᠩᠭᠦᠢ
ᠭᠢᠯᠠᠰ ᠪᠦᠲᠦᠭᠡᠪᠡ᠃
※ ᠰᠢᠯᠢ ᠶ᠋ᠢᠨ ᠬᠣᠲᠠ ᠶ᠋ᠢᠨ ᠵᠢᠷᠭᠤᠭᠠᠨ ᠰᠠᠢᠨ
ᠶᠡᠷᠦᠩᠬᠡᠢᠯᠡᠭᠰᠡᠨ ᠡᠮᠨᠡᠯᠭᠡ ᠶ᠋ᠢᠨ ᠬᠣᠷᠢᠶ᠎ᠠ
