ᠵᠢᠷᠭᠤᠭᠠᠨ ᠰᠠᠷ᠎ᠠ ᠶ᠋ᠢᠨ ᠨᠢᠭᠡᠨ ᠦ᠌ ᠰᠢᠯᠦᠭ - ᠭᠠ᠊· ᠪᠦᠲᠦᠭᠡᠭᠴᠢ Зургаан сарын нэгний шүлэг-Га·БүтээгчZurgaan saryn negnii shüleg
ᠵᠢᠷᠭᠤᠭᠠᠨ ᠰᠠᠷ᠎ᠠ ᠶ᠋ᠢᠨ ᠨᠢᠭᠡᠨ ᠦ᠌ ᠰᠢᠯᠦᠭ
ᠭᠠ᠊· ᠪᠦᠲᠦᠭᠡᠭᠴᠢ
ᠠᠭᠤᠯᠠᠰ ᠤ᠋ᠨ ᠴᠠᠭᠠᠨ᠎ᠠ ᠠ᠋ᠴᠠ ᠲᠡᠷᠭᠡᠯ ᠨᠠᠷᠠᠨ
ᠤᠯᠠᠪᠢᠷ ᠴᠢᠷᠠᠢ ᠭᠡᠷᠡᠯᠲᠦᠭᠦᠯᠵᠦ ᠢᠷᠡᠨ᠎ᠡ
ᠤᠰᠤ ᠭᠣᠣᠯ ᠳ᠋ᠤ᠌ ᠵᠢᠰᠦ ᠪᠡᠨ ᠲᠣᠯᠢᠳᠠᠭᠠᠳ
ᠤᠬᠠᠭᠠᠨ ᠲᠣᠮᠣᠭ᠎ᠠ ᠲᠠᠢ ᠢᠨᠢᠶᠡᠳᠦ ᠢᠷᠡᠨ᠎ᠡ
ᠵᠢᠷᠤᠭ ᠰᠠᠢᠬᠠᠨ ᠨᠤᠲᠤᠭ ᠲᠤ ᠮᠢᠨᠢ
ᠵᠢᠷᠭᠤᠭᠠᠨ ᠰᠠᠷ᠎ᠠ ᠨᠢ ᠲᠣᠭᠯᠠᠵᠤ ᠢᠷᠡᠨ᠎ᠡ
ᠵᠢᠷᠭᠤᠭᠠᠨ ᠰᠠᠷ᠎ᠠ ᠶ᠋ᠢᠨ ᠵᠤᠯᠠᠢ ᠶ᠋ᠢ ᠥᠬᠥᠭᠡᠷᠳᠡᠵᠦ
ᠵᠥᠭᠡᠯᠡᠨ ᠰᠠᠯᠬᠢ ᠨᠢ ᠰᠡᠪᠢᠯᠵᠡᠵᠦ ᠢᠷᠡᠨ᠎ᠡ
ᠭᠡᠷ ᠭᠡᠷ ᠡᠴᠡ ᠪᠡᠨ ᠣᠯᠠᠨ ᠬᠡᠦᠬᠡᠳ ᠦ᠋ᠳ
ᠭᠡᠷᠡᠯᠲᠦ ᠣᠳᠣᠳ ᠰᠢᠭ᠋ ᠭᠢᠯᠠᠯᠵᠠᠵᠤ ᠢᠷᠡᠨ᠎ᠡ
ᠰᠣᠶᠣᠯ ᠤ᠋ᠨ ᠠᠯᠲᠠᠨ ᠵᠢᠯᠣᠭᠣ ᠶ᠋ᠢ ᠵᠠᠯᠠᠵᠤ
ᠰᠤᠷᠭᠠᠭᠤᠯᠢ ᠵᠦᠭ ᠲᠦ᠍ ᠪᠡᠨ ᠵᠢᠷᠭᠢᠵᠦ ᠢᠷᠡᠨ᠎ᠡ
ᠡᠪᠦᠭᠡᠨ ᠠᠭᠤᠯᠠᠰ ᠰᠠᠬᠠᠯ ᠨᠠᠮᠢᠷᠠᠭᠤᠯᠤᠭᠰᠠᠭᠠᠷ
ᠬᠡᠦᠬᠡᠳ ᠦ᠋ᠨ ᠪᠠᠶᠠᠷ ᠲᠤ ᠮᠣᠷᠢᠯᠠᠵᠤ ᠢᠷᠡᠨ᠎ᠡ
ᠡᠭᠡᠰᠢᠭ ᠳᠠᠭᠤᠤ ᠳ᠋ᠤ᠌ ᠰᠡᠳᠬᠢᠯ ᠬᠥᠪᠬᠢᠵᠦ
ᠢᠷᠦᠭᠡᠯ ᠵᠥᠩᠨᠡᠯ ᠢ᠋ᠶ᠋ᠡᠨ ᠰᠣᠶᠣᠷᠬᠠᠵᠤ ᠢᠷᠡᠨ᠎ᠡ
ᠵᠤᠯᠵᠠᠭᠠᠨ ᠮᠣᠳᠣᠳ ᠬᠣᠯᠠ ᠠ᠋ᠴᠠ ᠳᠠᠯᠠᠯᠵᠤ
ᠬᠡᠦᠬᠡᠳ ᠲᠡᠢ ᠨᠠᠭᠠᠳᠬᠤ ᠪᠠᠷ ᠳᠡᠷᠪᠡᠯᠵᠡᠵᠦ ᠢᠷᠡᠨ᠎ᠡ
ᠵᠤᠷᠠᠢᠲᠠᠯᠠ ᠵᠢᠷᠤᠭᠰᠠᠨ ᠴᠠᠭᠠᠷᠢᠭ ᠳᠠᠭᠠᠵᠤ
ᠵᠠᠭᠤᠨ ᠮᠧᠲ᠋ᠷ ᠲᠦ᠍ ᠤᠷᠤᠯᠳᠤᠵᠤ ᠢᠷᠡᠨ᠎ᠡ
ᠤᠷᠭᠤᠬᠤ ᠨᠣᠭᠣᠭ᠎ᠠ ᠬᠡᠦᠬᠡᠳ ᠦ᠋ᠨ ᠬᠥᠯ ᠢ᠋ᠶ᠋ᠡᠷ
ᠤᠷᠮ᠎ᠠ ᠨᠢ ᠰᠡᠷᠭᠦᠭᠡᠳ ᠪᠥᠵᠢᠭᠯᠡᠵᠦ ᠢᠷᠡᠨ᠎ᠡ
ᠤᠶᠠᠨ ᠵᠥᠭᠡᠯᠡᠨ ᠨᠢᠯᠬ᠎ᠠ ᠬᠣᠭᠣᠯᠠᠢ ᠪᠠᠷ
ᠤᠷᠠᠨ ᠪᠠᠢᠭᠠᠯᠢ ᠪᠠᠨ ᠳᠠᠭᠤᠯᠠᠵᠤ ᠢᠷᠡᠨ᠎ᠡ
ᠬᠣᠯᠠ ᠶ᠋ᠢᠨ ᠲᠩᠷᠢ ᠳ᠋ᠦ᠍ ᠪᠣᠷᠣᠭᠠᠨ ᠤ᠋ ᠡᠭᠦᠯᠡ
ᠬᠡᠦᠬᠡᠳ ᠦ᠋ᠨ ᠪᠠᠶᠠᠷ ᠲᠤ ᠪᠡᠯᠡᠭ ᠲᠡᠢ ᠢᠷᠡᠨ᠎ᠡ
ᠬᠣᠶᠠᠷ ᠨᠢᠭᠡ ᠪᠡᠷ ᠬᠤᠷ᠎ᠠ ᠪᠠᠨ ᠲᠤᠰᠤᠭᠠᠵᠤ
ᠬᠣᠲᠠᠯᠠ ᠶ᠋ᠢ ᠪᠠᠶᠠᠰᠬᠠᠨ ᠱᠠᠭᠢᠭᠤᠯᠵᠤ ᠢᠷᠡᠨ᠎ᠡ
ᠤᠯᠠᠭᠠᠨ ᠴᠢᠷᠠᠢ ᠲᠠᠢ ᠪᠥᠮᠪᠦᠭᠡᠨ ᠨᠠᠷᠠᠨ
ᠤᠷᠤᠯᠳᠤᠭᠠᠨ ᠨᠠᠭᠠᠳᠤᠮ ᠳ᠋ᠤ᠌ ᠭᠠᠪᠰᠢᠭᠠᠢᠯᠠᠵᠤ ᠢᠷᠡᠨ᠎ᠡ
ᠤᠷ᠎ᠠ ᠤᠬᠠᠭᠠᠨ ᠤ᠋ ᠮᠥᠷᠥᠢᠴᠡᠭᠡᠨ ᠬᠠᠶᠠᠭᠳᠠᠵᠤ
ᠠᠭᠤᠯᠠᠰ ᠤ᠋ᠨ ᠴᠠᠭᠠᠭᠤᠷ ᠮᠢᠨᠴᠢᠢᠵᠦ ᠣᠳᠤᠨ᠎ᠠ᠁
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ
