ᠲᠥᠷᠥᠯᠬᠢ ᠬᠡᠯᠡ - ᠬᠠᠰᠠᠭᠤᠯᠠТөрөлх хэл-Хасуул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠯᠬᠢ ᠬᠡᠯᠡ - ᠬᠠᠰᠠᠭᠤᠯᠠТөрөлх хэл-Хасуул

ᠲᠥᠷᠥᠯᠬᠢ ᠬᠡᠯᠡ - ᠬᠠᠰᠠᠭᠤᠯᠠТөрөлх хэл-Хасуул

2024-08-20

805

ᠲᠥᠷᠥᠯᠬᠢ ᠬᠡᠯᠡ

         ᠬᠠᠰᠠᠠᠭᠤᠯᠠ 
ᠡᠬᠡᠰᠢᠭ ᠳᠣᠯᠣᠭᠠᠨ ᠠᠶᠠᠯᠭᠤ ᠪᠠᠷ ᠢ᠋ᠶ᠋ᠠᠨ 
ᠡᠨᠡ ᠬᠣᠷᠸ᠎ᠠ ᠶ᠋ᠢᠨ ᠤᠶᠠᠩᠭ᠎ᠠ ᠶ᠋ᠢ ᠬᠥᠭᠵᠢᠮᠳᠡᠵᠦ 
ᠡᠵᠡᠨ ᠴᠢᠩᠭᠢᠰ ᠦ᠋ᠨ ᠮᠢᠨᠢ ᠵᠢᠷᠦᠬᠡᠨ ᠪᠢᠴᠢᠭᠡᠰᠦ 
ᠡᠷᠬᠢᠮ ᠨᠠᠨᠳᠢᠨ ᠠᠮᠢᠨ ᠰᠠᠬᠢᠶ᠎ᠠ ᠲᠥᠷᠥᠯᠬᠢ ᠬᠡᠯᠡ ᠮᠢᠨᠢ ᠠ᠋ 

ᠠᠯᠠᠭ ᠵᠢᠷᠦᠬᠡᠨ ᠦ᠌ ᠮᠢᠨᠢ ᠰᠤᠳᠠᠰᠤ 
ᠠᠭᠤᠤ ᠮᠣᠩᠭᠣᠯ ᠤ᠋ᠨ ᠮᠠᠨᠢ ᠰᠢᠲᠦᠭᠡᠨ 
ᠠᠯᠤᠰ ᠢᠷᠡᠭᠡᠳᠦᠢ ᠶ᠋ᠢᠨ ᠮᠢᠨᠢ ᠭᠡᠷᠡᠯᠲᠦ ᠴᠠᠮᠬᠠᠭ 
ᠠᠷᠠᠳ ᠲᠦᠮᠡᠨ ᠦ᠌ ᠮᠠᠨᠢ ᠪᠢᠯᠢᠭ ᠲᠥᠷᠥᠯᠬᠢ ᠬᠡᠯᠡ ᠮᠢᠨᠢ ᠠ᠋ 

ᠢᠯᠭᠤᠮ ᠰᠠᠢᠬᠠᠨ ᠲᠠᠩᠰᠤᠭ ᠬᠡᠯᠡ ᠮᠢᠨᠢ
ᠢᠷᠠᠭᠤ ᠲᠣᠳᠣᠬᠠᠨ ᠮᠥᠩᠬᠡ ᠶ᠋ᠢᠨ ᠤᠶᠠᠩᠭ᠎ᠠ
ᠣᠨ ᠤ᠋ ᠬᠤᠷᠳᠤ ᠶ᠋ᠢ ᠲᠡᠮᠳᠡᠭᠯᠡᠵᠦ ᠬᠦᠦᠷᠨᠢᠭᠰᠡᠨ
ᠤᠷᠠᠨ ᠭᠠᠢᠬᠠᠮᠰᠢᠭᠲᠤ ᠲᠥᠷᠥᠯᠬᠢ ᠬᠡᠯᠡ ᠮᠢᠨᠢ ᠠ᠋

ᠲᠤᠭᠤᠷᠠᠢ ᠶ᠋ᠢᠨ ᠲᠠᠮᠠᠭ᠎ᠠ ᠲᠠᠢ ᠪᠣᠰᠤᠭ᠎ᠠ ᠬᠡᠯᠡ ᠮᠢᠨᠢ
ᠲᠤᠭᠤᠷᠭᠠᠲᠠᠨ ᠤᠳᠤᠮ ᠤ᠋ᠨ ᠰᠦᠯᠳᠡ ᠬᠡᠢᠮᠣᠷᠢ
ᠲᠣᠷᠭᠠᠨ ᠢᠷ ᠲᠡᠢ ᠰᠡᠯᠡᠮ᠎ᠡ ᠪᠡᠷ ᠪᠢᠴᠢᠭᠯᠡᠭᠰᠡᠨ
ᠲᠩᠷᠢ ᠭᠠᠵᠠᠷ ᠤ᠋ᠨ ᠳᠤᠮᠳᠠ ᠵᠣᠭᠰᠣᠭ᠎ᠠ ᠲᠥᠷᠥᠯᠬᠢ ᠬᠡᠯᠡ ᠮᠢᠨᠢ ᠠ᠋

ᠳᠡᠭᠡᠳᠦᠰ ᠡᠴᠡ ᠥᠪᠯᠡᠭᠰᠡᠨ ᠥᠪ ᠰᠣᠶᠣᠯ
ᠳᠡᠯᠡᠬᠡᠢ ᠳ᠋ᠦ᠍ ᠬᠣᠪᠣᠷᠬᠠᠨ ᠪᠣᠰᠤᠭ᠎ᠠ ᠦᠰᠦᠭ ᠠ᠋
ᠲᠩᠷᠢᠯᠢᠭ ᠦᠨᠳᠦᠰᠦᠲᠡᠨ ᠦ᠌ ᠮᠢᠨᠢ ᠰᠢᠳᠢᠲᠦ ᠵᠡᠪᠰᠡᠭ
ᠳᠡᠭᠡᠳᠦᠯᠡᠨ ᠰᠢᠲᠦᠬᠦ ᠲᠥᠷᠥᠯᠬᠢ ᠬᠡᠯᠡ ᠮᠢᠨᠢ ᠠ᠋

ᠲᠡᠦᠬᠡ ᠶ᠋ᠢᠨ ᠬᠠᠭᠤᠳᠠᠰᠤᠨ ᠳ᠋ᠤ᠌ ᠠᠤᠭ᠎ᠠ ᠪᠦᠲᠦᠭᠡᠯ ᠲᠡᠢ
ᠦᠯᠢᠭᠡᠷ ᠲᠤᠤᠯᠢᠰ ᠤ᠋ᠨ ᠠᠷᠢᠭᠤᠨ ᠰᠤᠷᠭᠠᠯ ᠲᠠᠢ
ᠥᠷᠨᠢᠯ ᠬᠥᠭᠵᠢᠯᠲᠡ ᠶ᠋ᠢᠨ ᠳᠠᠢᠴᠢᠨ ᠬᠦᠴᠦᠨ
ᠳᠠᠶᠠᠩ ᠳ᠋ᠤ᠌ ᠠᠯᠳᠠᠷᠲᠠᠢ ᠲᠥᠷᠥᠯᠬᠢ ᠬᠡᠯᠡ ᠮᠢᠨᠢ ᠠ᠋

ᠡᠮᠨᠡᠭ ᠦ᠋ᠨ ᠨᠢᠷᠤᠭᠤᠨ ᠳ᠋ᠤ᠌ ᠨᠠᠮᠢᠷᠠᠨ ᠴᠡᠴᠡᠭᠯᠡᠭᠰᠡᠨ ᠲᠤᠭ
ᠡᠷᠳᠡᠮᠲᠡᠳ ᠦ᠋ᠨ ᠣᠶᠤᠨ ᠠ᠋ᠴᠠ ᠤᠨᠳᠤᠷᠤᠨ ᠪᠤᠷᠭᠢᠯᠤᠭᠰᠠᠨ ᠷᠠᠰᠢᠶᠠᠨ
ᠡᠯᠡᠭᠳᠡᠰᠢ ᠦᠭᠡᠢ ᠮᠣᠩᠭᠣᠯ ᠤ᠋ᠨ ᠳᠦᠷᠡᠯᠵᠡᠨ ᠨᠣᠴᠣᠭᠰᠠᠨ ᠭᠠᠯ
ᠡᠷᠢᠨ ᠴᠠᠭ ᠤ᠋ᠨ ᠮᠥᠩᠬᠡ ᠶ᠋ᠢᠨ ᠵᠤᠯᠠ ᠲᠥᠷᠥᠯᠬᠢ ᠬᠡᠯᠡ ᠮᠢᠨᠢ ᠠ᠋

   ᠦᠰᠦᠭ ᠠᠮᠢᠯᠠᠭᠤᠯᠤᠭᠴᠢ᠄ ᠬᠠᠰᠠᠠᠭᠤᠯᠠ
   ᠬᠢᠨᠠᠭᠴᠢ᠄ ᠣᠳᠬᠠᠨᠰᠣ᠎ᠠ