ᠨᠤᠲᠤᠭ ᠤ᠋ᠨ ᠰᠠᠯᠬᠢ-ᠢᠯᠠᠯᠲᠠᠰᠥ᠋ᠬᠡ ᠶ᠋ᠢᠨ ᠪᠠᠶᠠᠨᠮᠡᠨᠳᠦ ᠰᠢᠷᠠᠪᠵᠠᠮᠰᠤ ᠶ᠋ᠢᠨ ᠰᠠᠷᠠᠨᠬᠤᠸᠠᠷ Нутгийн салий-Ялалтасгийн Баянаманд Шаравжамцын Сэрнхувр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤ᠋ᠨ ᠰᠠᠯᠬᠢ-ᠢᠯᠠᠯᠲᠠᠰᠥ᠋ᠬᠡ ᠶ᠋ᠢᠨ ᠪᠠᠶᠠᠨᠮᠡᠨᠳᠦ ᠰᠢᠷᠠᠪᠵᠠᠮᠰᠤ ᠶ᠋ᠢᠨ ᠰᠠᠷᠠᠨᠬᠤᠸᠠᠷ Нутгийн салий-Ялалтасгийн Баянаманд Шаравжамцын Сэрнхувр

ᠨᠤᠲᠤᠭ ᠤ᠋ᠨ ᠰᠠᠯᠬᠢ-ᠢᠯᠠᠯᠲᠠᠰᠥ᠋ᠬᠡ ᠶ᠋ᠢᠨ ᠪᠠᠶᠠᠨᠮᠡᠨᠳᠦ ᠰᠢᠷᠠᠪᠵᠠᠮᠰᠤ ᠶ᠋ᠢᠨ ᠰᠠᠷᠠᠨᠬᠤᠸᠠᠷ Нутгийн салий-Ялалтасгийн Баянаманд Шаравжамцын Сэрнхувр

ᠠᠩᠭᠢᠯᠠᠯ:ᠳᠠᠭᠤᠤ ᠬᠥᠭᠵᠢᠮ
2024-08-20

4028

ᠨᠤᠲᠤᠭ ᠤ᠋ᠨ ᠰᠠᠯᠬᠢ

   ᠦᠭᠡ᠄ ᠴᠢᠯᠠᠭᠤ( ᠥᠪᠥᠷ ᠮᠣᠩᠭᠣᠯ) 
   ᠠᠶ᠎ᠠ᠄ ᠰᠣᠶᠣᠯ ᠤ᠋ᠨ ᠲᠡᠷᠢᠭᠦᠨ ᠦ᠌ ᠠᠵᠢᠯᠲᠠᠨ ᠪᠣᠶᠠᠨ᠌ᠣ᠋ᠷᠤᠰᠢᠬᠤ 
   ᠳᠠᠭᠤᠴᠢᠨ᠄ ᠢᠯᠠᠯᠲᠠᠰᠥ᠋ᠬᠡ ᠶ᠋ᠢᠨ ᠪᠠᠶᠠᠨᠮᠡᠨᠳᠦ 
               ᠰᠢᠷᠠᠪᠵᠠᠮᠰᠤ ᠶ᠋ᠢᠨ ᠰᠠᠷᠠᠨᠬᠤᠸᠠᠷ 

ᠠᠭᠢ ᠶ᠋ᠢᠨ ᠦᠨᠦᠷᠲᠦ ᠲᠣᠷᠭᠠᠨ ᠪᠠᠢᠭᠠᠯᠢ ᠲᠠᠢ 
ᠠᠢᠷᠠᠭ ᠤ᠋ᠨ ᠠᠮᠲᠠ ᠨᠢ ᠴᠡᠮᠴᠡᠭᠡᠨᠡᠭᠰᠡᠨ ᠨᠤᠲᠤᠭ ᠠ᠋ 
ᠳᠠᠬᠢ ᠶ᠋ᠢᠨ ᠤᠳᠤᠮᠲᠤ ᠬᠦᠯᠦᠭ ᠦ᠋ᠨ ᠲᠣᠭᠣᠰᠣ ᠲᠠᠢ 
ᠨᠠᠢᠷᠠᠭ ᠤᠶᠠᠩᠭ᠎ᠠ ᠭᠢᠨᠵᠢᠯᠡᠭᠰᠡᠨ ᠰᠠᠯᠬᠢ ᠠ᠋ 
ᠠᠢ ᠬᠦ ᠠᠪᠤ ᠶ᠋ᠢᠨ ᠮᠢᠨᠢ ᠨᠤᠲᠤᠭ ᠠ᠋ 
ᠵᠠ ᠬᠦ ᠠᠷᠠᠳ ᠤ᠋ᠨ ᠳᠠᠭᠤᠤ ᠲᠠᠢ ᠢᠷᠠᠭᠤᠬᠠᠨ ᠰᠠᠯᠬᠢ ᠠ᠋
ᠡᠪᠦᠭᠡᠳ ᠦ᠋ᠨ ᠪᠤᠭᠤᠷᠤᠯ ᠭᠣᠯᠣᠮᠲᠠ ᠪᠠᠳᠠᠷᠠᠭᠠᠭᠰᠠᠨ
ᠡᠮᠡᠭᠡᠳ ᠦ᠋ᠨ ᠰᠤᠷᠭᠠᠯ ᠦᠢᠯᠡᠰ ᠬᠠᠢᠷᠠᠯᠠᠭᠰᠠᠨ 
ᠮᠡᠴᠢᠳ ᠣᠳᠣᠨ ᠵᠢᠷᠤᠬᠠᠢ ᠰᠢᠪᠰᠢᠭᠰᠡᠨ
ᠮᠡᠷᠭᠡᠳ ᠨᠣᠮᠯᠠᠭᠰᠠᠨ ᠨᠤᠲᠤᠭ ᠤ᠋ᠨ ᠰᠠᠯᠬᠢ ᠠ᠋
ᠠᠢ ᠬᠦ ᠡᠵᠢ ᠶ᠋ᠢᠨ ᠮᠢᠨᠢ ᠨᠤᠲᠤᠭ ᠠ᠋
ᠵᠠ ᠬᠦ ᠠᠳᠢᠰ ᠬᠦᠷᠲᠡᠵᠦ ᠣᠮᠣᠭᠰᠢᠵᠤ ᠶᠠᠪᠤᠶ᠎ᠠ

ᠰᠡᠳᠬᠢᠯ ᠴᠢᠭᠵᠢᠷᠡᠭᠰᠡᠨ ᠵᠠᠯᠠᠭᠤ ᠨᠠᠰᠤᠨ ᠤ᠋ ᠮᠢᠨᠢ
ᠢᠲᠡᠭᠡᠯ ᠳᠡᠭᠡᠵᠢᠯᠡᠬᠦ ᠢᠷᠦᠭᠡᠯᠲᠦ ᠨᠤᠲᠤᠭ ᠠ᠋
ᠰᠡᠪᠡᠯᠭᠡ ᠴᠠᠢᠭᠰᠠᠨ ᠮᠥᠩᠭᠥᠨ ᠳᠣᠮᠤᠭᠲᠡᠨ ᠦ᠌
ᠦᠢᠯᠡᠰ ᠵᠠᠯᠭᠠᠭᠤᠯᠬᠤ ᠰᠢᠳᠢᠲᠦ ᠰᠠᠯᠬᠢ ᠠ᠋
ᠠᠢ ᠬᠦ ᠬᠠᠢᠷᠠᠲᠠᠢᠬᠠᠨ ᠨᠤᠲᠤᠭ ᠠ᠋
ᠵᠠ ᠬᠦ ᠬᠠᠴᠠᠷ ᠢ᠋ᠶ᠋ᠠᠨ ᠦᠨᠦᠰᠦᠭᠦᠯᠵᠦ ᠮᠥᠩᠬᠡᠷᠡᠵᠦ ᠵᠢᠷᠭᠠᠮᠠᠷ ᠠ᠋
ᠠᠢ ᠬᠦ ᠬᠠᠢᠷᠠᠲᠠᠢᠬᠠᠨ ᠨᠤᠲᠤᠭ ᠮᠢᠨᠢ
ᠵᠠ ᠬᠦ ᠬᠠᠴᠠᠷ ᠢ᠋ᠶ᠋ᠠᠨ ᠦᠨᠦᠰᠦᠭᠦᠯᠵᠦ ᠮᠥᠩᠬᠡᠷᠡᠵᠦ ᠵᠢᠷᠭᠠᠮᠠᠷ ᠠ᠋
ᠬᠠᠴᠠᠷ ᠢ᠋ᠶ᠋ᠠᠨ ᠦᠨᠦᠰᠦᠭᠦᠯᠵᠦ ᠮᠥᠩᠬᠡᠷᠡᠵᠦ ᠵᠢᠷᠭᠠᠮᠠᠷ ᠠ᠋

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ ᠄ ᠰᠣᠳᠣ
   ᠬᠢᠨᠠᠭᠴᠢ᠄ ᠣᠳᠬᠠᠨᠰᠸ᠎ᠠ